ᠪᠤᠯᠠᠭᠠᠨ ᠠᠶᠢᠮᠠᠭ ᠤᠨ ᠥᠰᠪᠦᠷᠢ ᠶᠢᠨ ᠰᠢᠲᠠᠷᠠᠴᠢᠳ ᠤᠨ ᠠᠶᠢᠮᠠᠭ ᠤᠨ ᠠᠪᠤᠷᠭᠤ ᠰᠢᠯᠭᠠᠷᠠᠭᠤᠯᠬᠤ ︽ᠣᠶᠤᠨ ᠤ ᠤᠨᠳᠤᠷᠤᠭ᠎ᠠ -2020︾ ᠲᠡᠮᠡᠴᠡᠭᠡᠨ ᠬᠡᠰᠢᠭ-ᠥᠨᠳᠥᠷ ᠰᠤᠮᠤᠨ ᠳᠤ ᠪᠣᠯᠤᠯ᠎ᠠ᠃ ᠲᠡᠮᠡᠴᠡᠭᠡᠨ ᠢ ᠠᠶᠢᠮᠠᠭ ᠤᠨ ᠪᠡᠶ᠎ᠡ ᠶᠢᠨ ᠲᠠᠮᠢᠷ᠂ ᠰᠫᠣᠷᠲ ᠤᠨ ᠭᠠᠵᠠᠷ᠂ ᠬᠡᠰᠢᠭ-ᠥᠨᠳᠥᠷ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠬᠠᠮᠲᠤᠷᠠᠨ ᠵᠣᠬᠢᠶᠠᠨ ᠪᠠᠶᠢᠭᠤᠯᠵᠤ᠂ ᠲᠤᠰ ᠰᠤᠮᠤ ᠶᠢᠨ ᠰᠤᠷᠭᠠᠭᠤᠯᠢ ᠶᠢ 1998 ᠣᠨ ᠤ ᠲᠡᠭᠦᠰᠦᠭᠴᠢᠳ ᠢᠪᠡᠭᠡᠨ ᠲᠡᠳᠬᠦᠯᠡ᠃
ᠡᠨᠡᠬᠦ ᠲᠡᠮᠡᠴᠡᠭᠡᠨ ᠳᠦ 15 ᠰᠤᠮᠤ ᠶᠢᠨ 107 ᠰᠢᠲᠠᠷᠠᠴᠢᠨ 4 ᠨᠠᠰᠤᠨ ᠤ ᠠᠩᠭᠢᠯᠠᠯ ᠳᠤ ᠥᠷᠢᠰᠦᠯᠳᠦᠭᠰᠡᠨ ᠪᠠᠶᠢᠨ᠎ᠠ᠃ ᠡᠬᠢᠨ ᠦ ᠪᠠᠶᠢᠷᠢᠨ ᠳᠤ ᠰᠢᠯᠭᠠᠷᠠᠭᠰᠠᠨ ᠰᠢᠲᠠᠷᠠᠴᠢᠳ ᠡᠨᠡ ᠰᠠᠷ᠎ᠠ ᠳᠤ ᠤᠯᠠᠭᠠᠨᠪᠠᠭᠠᠲᠤᠷ ᠬᠤᠲᠠ ᠳᠤ ︽ᠴᠣᠳᠣᠭᠣᠷ ᠬᠦᠦ-2020︾ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠣᠶᠤᠨ ᠤᠬᠠᠭᠠᠨ ᠢᠶᠠᠨ ᠰᠣᠷᠢᠬᠤ ᠶᠤᠮ᠃