ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ 2019 ᠣᠨ ᠤ ᠵᠢᠷᠭᠤᠳᠤᠭᠠᠷ ᠰᠠᠷ᠎ᠠ ᠶᠢᠨ 26 ᠍ ᠤ ᠡᠳᠦᠷ ᠵᠠᠷᠯᠢᠭ ᠭᠠᠷᠭᠠᠵᠤ᠂ ᠨᠡᠷ᠎ᠡ ᠪᠦᠬᠦᠢ 17 ᠰᠢᠭᠦᠭᠴᠢ᠂ ᠶᠡᠷᠦᠩᠬᠡᠢ ᠰᠢᠭᠦᠭᠴᠢ ᠶᠢᠨ ᠪᠦᠷᠢᠨ ᠡᠷᠬᠡ ᠶᠢ ᠲᠦᠳᠡᠭᠡᠯᠵᠡᠭᠦᠯᠦᠭᠰᠡᠨ᠃ ᠬᠠᠷᠢᠨ ᠡᠨᠡ ᠰᠠᠷ᠎ᠠ ᠶᠢᠨ 10 ᠍ ᠤ ᠡᠳᠦᠷ ᠪᠤᠶᠤ ᠥᠩᠭᠡᠷᠡᠭᠴᠢ ᠪᠠᠰᠠᠩ ᠭᠠᠷᠠᠭ ᠲᠤ ᠵᠠᠷᠯᠢᠭ ᠭᠠᠷᠭᠠᠵᠤ ᠵᠠᠷᠢᠮ ᠰᠢᠭᠦᠭᠴᠢ᠂ ᠶᠡᠷᠦᠩᠬᠡᠢ ᠰᠢᠭᠦᠭᠴᠢ ᠶᠢᠨ ᠪᠦᠷᠢᠨ ᠡᠷᠬᠡ ᠶᠢ ᠲᠤᠰ ᠲᠤᠰ ᠰᠡᠷᠭᠦᠭᠡᠭᠰᠡᠨ ᠪᠠᠶᠢᠨ᠎ᠠ᠃
ᠪᠦᠷᠢᠨ ᠡᠷᠬᠡ ᠶᠢ ᠨᠢ ᠲᠦᠳᠡᠭᠡᠯᠵᠡᠭᠦᠯᠦᠭᠰᠡᠨ ᠰᠢᠭᠦᠭᠴᠢ ᠨᠠᠷ ᠲᠤ ᠬᠣᠯᠪᠣᠭᠳᠠᠬᠤ ᠮᠥᠷᠳᠡᠨ ᠰᠢᠯᠭᠠᠬᠤ ᠲᠣᠳᠣᠷᠬᠠᠢ ᠠᠵᠢᠯᠯᠠᠭ᠎ᠠ ᠶᠢ ᠶᠠᠪᠤᠭᠤᠯᠤᠭᠰᠠᠨ ᠪᠣᠯᠪᠠᠴᠤ ᠰᠢᠭᠦᠭᠴᠢ ᠬ∙ᠰᠣᠨᠢᠨᠪᠠᠶᠠᠷ᠂ ᠫ∙ᠵᠤᠯᠵᠠᠶᠠᠭ᠎ᠠ᠂ ᠵ∙ ᠣᠶᠤᠨᠲᠤᠩᠭᠠᠯᠠᠭ᠂ ᠳ∙ᠳᠡᠯᠭᠡᠷᠴᠡᠴᠡᠭ᠂ ᠳ∙ ᠪᠠᠶᠢᠭᠠᠯᠢᠮ᠎ᠠ᠂ ᠲ∙ᠡᠩᠬᠡᠵᠢᠷᠭᠠᠯ᠂ ᠪ∙ᠨᠠᠷᠠᠮᠠᠨᠳᠤᠬᠤ ᠨᠠᠷ ᠭᠡᠮᠲᠦ ᠬᠡᠷᠡᠭ ᠦᠢᠯᠡᠳᠦᠭᠰᠡᠨ ᠭᠡᠬᠦ ᠨᠥᠬᠥᠴᠡᠯ ᠪᠠᠶᠢᠳᠠᠯ ᠲᠣᠭᠲᠠᠭᠠᠭᠳᠠᠭ᠎ᠠ ᠦᠭᠡᠢ ᠲᠤᠯᠠ ᠪᠦᠷᠢᠨ ᠡᠷᠬᠡ ᠶᠢ ᠨᠢ ᠲᠦᠳᠡᠭᠡᠯᠵᠡᠭᠦᠯᠦᠭᠰᠡᠨ ᠰᠢᠢᠳᠪᠦᠷᠢ ᠶᠢ ᠬᠦᠴᠦᠨ ᠦᠭᠡᠢ ᠪᠣᠯᠭᠠᠵᠤ᠂ ᠪᠦᠷᠢᠨ ᠡᠷᠬᠡ ᠶᠢ ᠨᠢ ᠰᠡᠷᠭᠦᠭᠡᠭᠰᠡᠨ ᠪᠠᠶᠢᠨ᠎ᠠ᠃