ᠣᠯᠠᠨ ᠤᠯᠤᠰ ᠤᠨ ᠵᠢᠦ᠋ᠳᠣ᠋ ᠪᠥᠬᠡ ᠶᠢᠨ ᠬᠣᠯᠪᠣᠭᠠᠨ ᠠᠴᠠ ᠰᠢᠯᠢᠳᠡᠭ ᠡᠮᠡᠭᠲᠡᠢ ᠰᠢᠭᠦᠭᠴᠢᠳ ᠢ ᠵᠠᠷᠯᠠᠯ᠎ᠠ᠃ ᠡᠮᠦᠨᠡᠲᠦ ᠰᠣᠯᠣᠩᠭᠣᠰ ᠤᠨ ᠰᠢᠭᠦᠭᠴᠢ ᠬᠶᠣᠨ ᠰᠦᠺ ᠬᠢ ᠡᠨᠡ ᠵᠢᠯ ᠨᠡᠶᠢᠲᠡ 16 ᠲᠡᠮᠡᠴᠡᠭᠡᠨ ᠰᠢᠭᠦᠭᠰᠡᠨ ᠳᠣᠲᠣᠷ᠎ᠠ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ᠂ ᠶᠡᠬᠡ ᠳᠤᠭᠤᠯᠠᠭ᠎ᠠ᠂ ᠭᠠᠷᠠᠨᠫᠷᠢ ᠵᠡᠷᠭᠡ 2019 ᠣᠨ ᠤ ᠪᠠᠷᠤᠭ ᠪᠦᠬᠦ ᠲᠣᠮᠣ ᠲᠡᠮᠡᠴᠡᠭᠡᠨ ᠪᠠᠭᠲᠠᠵᠤ ᠪᠠᠶᠢᠭ᠎ᠠ ᠶᠤᠮ᠃ ᠲᠡᠷᠡ ᠪᠣᠯ 1996 ᠣᠨ ᠤ ᠣᠯᠢᠮᠫ ᠤᠨ ᠨᠠᠭᠠᠳᠤᠮ ᠤᠨ ᠮᠥᠩᠭᠥᠨ ᠮᠸᠳᠠᠯᠲᠤ ᠂ ᠠᠯᠳᠠᠷᠲᠠᠢ ᠪᠥᠬᠡ ᠪᠠᠶᠢᠭᠰᠠᠨ ᠬᠦᠮᠦᠨ᠃ ᠲᠡᠶᠢᠮᠦ ᠪᠣᠯᠬᠣᠷ ᠪᠠᠷᠢᠯᠳᠤᠭᠠᠨ ᠢ ᠮᠠᠰᠢ ᠰᠠᠶᠢᠨ ᠣᠶᠢᠯᠠᠭᠠᠵᠤ ᠰᠢᠭᠦᠳᠡᠭ᠃ ᠲᠡᠭᠦᠨ ᠦ ᠴᠢᠨᠰᠠᠭᠠᠨ ᠤ ᠣᠨᠣᠭ᠎ᠠ 7.5 ᠪᠠᠶᠢᠭ᠎ᠠ ᠶᠤᠮ᠃
ᠬᠠᠷᠢᠨ ᠡᠨᠡ ᠵᠢᠯ ᠦᠨ ᠬᠠᠮᠤᠭ ᠤᠨ ᠥᠨᠳᠥᠷ ᠣᠨᠣᠭ᠎ᠠ ᠲᠠᠢ ᠰᠢᠭᠦᠭᠴᠢ ᠪᠣᠯ ᠮᠣᠩᠭᠣᠯ ᠤᠨ ᠲ∙ᠡᠩᠬᠡᠴᠡᠴᠡᠭ ᠪᠠᠶᠢᠯ᠎ᠠ᠃ ᠲᠡᠭᠦᠨ ᠦ ᠳᠤᠮᠳᠠᠴᠢ ᠣᠨᠣᠭ᠎ᠠ 8.4 ᠪᠠᠶᠢᠭ᠎ᠠ ᠨᠢ ᠡᠷᠡᠭᠲᠡᠢ ᠰᠢᠭᠦᠭᠴᠢᠳ ᠦᠨ ᠴᠢᠨᠰᠠᠭᠠᠨ ᠳᠤ ᠴᠤ ᠳᠡᠭᠡᠭᠦᠷ ᠲᠦ ᠲᠣᠭᠠᠴᠠᠭᠳᠠᠵᠤ ᠪᠠᠶᠢᠨ᠎ᠠ᠃