ᠪ∙ᠭᠠᠯᠰᠠᠩᠰᠦ᠋ᠬᠡ ᠾᠦᠩᠨᠤ ᠷᠣᠺ ᠬᠠᠮᠲᠤᠯᠢᠭ ᠪᠠᠶᠢᠭᠤᠯᠬᠤ ᠪᠠᠨ ᠪᠣᠯᠢᠵᠠᠢ  | News.MN

ᠪ∙ᠭᠠᠯᠰᠠᠩᠰᠦ᠋ᠬᠡ ᠾᠦᠩᠨᠤ ᠷᠣᠺ ᠬᠠᠮᠲᠤᠯᠢᠭ ᠪᠠᠶᠢᠭᠤᠯᠬᠤ ᠪᠠᠨ ᠪᠣᠯᠢᠵᠠᠢ 

︽ᠪᠣᠯᠣᠷ ᠴᠣᠮᠣ︾ ᠶᠢᠨ ᠡᠵᠡᠨ᠂ ᠮᠣᠳᠧᠷᠨᠢᠰᠲ ᠢᠷᠠᠭᠤ ᠨᠠᠶᠢᠷᠠᠭᠴᠢ ᠪᠠᠭᠠᠲᠤᠷ ᠤᠨ ᠭᠠᠯᠰᠠᠩᠰᠦ᠋ᠬᠡ The Hu ᠬᠠᠮᠲᠤᠯᠢᠭ ᠰᠢᠭ᠋ ᠾᠦᠩᠨᠤ ᠷᠣᠺ ᠬᠠᠮᠲᠤᠯᠢᠭ ᠪᠠᠶᠢᠭᠤᠯᠬᠤ ᠪᠠᠨ ᠮᠡᠳᠡᠭᠳᠡᠭᠰᠡᠨ᠃  ᠬᠠᠮᠲᠤᠯᠢᠭ ᠢᠶᠠᠨ  ︽ᠠᠲ᠋ᠢᠯᠯᠠ︾ ᠬᠡᠮᠡᠨ ᠨᠡᠷᠡᠯᠡᠨ᠎ᠡ ᠭᠡᠳᠡᠭ ᠢᠶᠡᠨ ᠴᠤ ᠵᠠᠷᠯᠠᠭᠰᠠᠨ᠃ ᠭᠡᠪᠡᠴᠦ ᠲᠡᠷᠡᠪᠡᠷ ᠰᠢᠨ᠎ᠡ ᠬᠠᠮᠲᠤᠯᠢᠭ ᠢᠶᠠᠨ ᠪᠠᠶᠢᠭᠤᠯᠬᠤ ᠪᠠᠨ ᠪᠣᠯᠢᠵᠠᠢ᠃ ᠤᠴᠢᠷ ᠢ ᠨᠢ ᠠᠰᠠᠭᠤᠪᠠᠯ᠄ ᠨᠢᠭᠡ ᠬᠠᠮᠲᠤᠯᠢᠭ ᠪᠠᠶᠢᠭᠤᠯᠬᠤ ᠭᠡᠰᠡᠨ ᠪᠢᠰᠢ ᠬᠦᠮᠦᠨ ᠠᠮᠢᠲᠠᠨ ᠳᠤ ᠡᠯᠳᠡᠪ ᠢᠶᠡᠷ ᠬᠡᠯᠡᠭᠦᠯᠦᠯ᠎ᠡ᠃ ᠬᠠᠮᠲᠤᠯᠢᠭ ᠪᠠᠶᠢᠭᠤᠯᠬᠤ ᠰᠠᠨᠠᠯ ᠢ ᠮᠠᠨᠢ ᠬᠦᠮᠦᠰ  ᠳᠤᠷ᠎ᠠ ᠦᠭᠡᠶᠢᠴᠡᠨ ᠬᠦᠯᠢᠶᠡᠨ ᠠᠪᠴᠤ ᠪᠠᠶᠢᠭ᠎ᠠ ᠤᠴᠢᠷ ᠠᠴᠠ ᠪᠣᠯᠢᠭᠰᠠᠨ ᠨᠢ ᠳᠡᠭᠡᠷ᠎ᠡ ᠶᠤᠮ ᠪᠠᠶᠢᠨ᠎ᠠ ᠭᠡᠳᠡᠭ ᠢᠶᠡᠨ ᠬᠡᠯᠡᠭᠰᠡᠨ ᠶᠤᠮ᠃
ᠲᠡᠷᠡᠪᠡᠷ ᠡᠮᠦᠨ᠎ᠡ ᠨᠢ  ᠬᠠᠷᠳ᠋ ᠷᠣᠺ ︽ᠨᠢᠰᠸᠠᠨᠢᠰ︾ ᠬᠠᠮᠲᠤᠯᠢᠭ ᠢ ᠡᠭᠦᠰᠬᠡᠨ ᠪᠠᠶᠢᠭᠤᠯᠤᠯᠴᠠᠵᠤ᠂ ᠮᠥᠨ ᠲ∙ ᠠᠷᠢᠭᠤᠨ᠎ᠠ ᠶᠢᠨ ︽ᠤᠲᠠᠰᠤᠨ ᠤ ᠴᠢᠨᠢ ᠳ᠋ᠤᠭᠠᠷ ᠤᠷᠤᠭᠤᠯ ᠳᠤ ᠮᠢᠨᠢ ᠪᠠᠶᠢᠳᠠᠭ︾᠂ ︽ᠬᠤᠷᠳᠤ︾ ᠬᠠᠮᠲᠤᠯᠢᠭ ᠤᠨ  ᠤᠯᠠᠨ ᠳᠤ ᠬᠦᠷᠦᠭᠰᠡᠨ ᠵᠠᠷᠢᠮ ᠳᠠᠭᠤᠤ ᠶᠢ ᠨᠢ ᠵᠣᠬᠢᠶᠠᠭᠰᠠᠨ  ᠨᠡᠷᠡᠲᠡᠢ ᠢᠷᠠᠭᠤ ᠨᠠᠶᠢᠷᠠᠭᠴᠢ᠃

ᠰᠡᠳᠬᠢᠭᠳᠡᠯ ᠦᠯᠡᠳᠡᠭᠡᠬᠦ