ᠨᠡᠶᠢᠰᠯᠡᠯ ᠦᠨ ᠫᠷᠣᠺᠦ᠋ᠷᠣᠷ ᠤᠨ ᠭᠠᠵᠠᠷ ᠠᠴᠠ ᠪ∙ᠡᠷᠳᠡᠨᠢᠪᠠᠶᠠᠷ ᠲᠤ ᠡᠷᠡᠭᠦᠦ ᠶᠢᠨ ᠬᠠᠤᠯᠢ ᠶᠢᠨ ᠲᠤᠰᠬᠠᠢ ᠠᠩᠬᠢ ᠶᠢᠨ 20.7 ᠳ᠋ᠤᠭᠠᠷ ᠵᠦᠢᠯ ᠦᠨ ᠨᠢᠭᠡᠳᠡᠬᠢ ᠬᠡᠰᠡᠭ ᠲᠦ ᠵᠢᠭᠠᠭᠰᠠᠨ ᠢᠶᠠᠷ ︽ᠮᠥᠰᠥ︾ ᠭᠡᠬᠦ ᠨᠡᠷ᠎ᠡ ᠲᠡᠢ ᠮᠠᠩᠰᠢᠭᠤᠷᠠᠭᠤᠯᠬᠤ ᠰᠡᠳᠬᠢᠴᠡ ᠳᠦ ᠨᠦᠯᠦᠭᠡᠲᠦ ᠪᠣᠳᠠᠰ ᠢ ᠬᠤᠳᠠᠯᠳᠤᠭᠠᠯᠠᠬᠤ ᠵᠣᠷᠢᠯᠭ᠎ᠠ ᠦᠭᠡᠢ ᠂ ᠬᠠᠤᠯᠢ ᠪᠤᠰᠤ ᠪᠠᠷ ᠬᠠᠳᠠᠭᠠᠯᠠᠭᠰᠠᠨ ᠦᠢᠯᠡᠳᠦᠯ ᠳᠦ ᠡᠷᠡᠭᠦᠦ ᠶᠢᠨ ᠬᠡᠷᠡᠭ ᠡᠭᠦᠰᠬᠡᠵᠦ 2019 ᠣᠨ ᠤ 12 ᠳ᠋ᠤᠭᠠᠷ ᠰᠠᠷ᠎ᠠ ᠶᠢᠨ 17 ᠤ ᠡᠳᠦᠷ ᠴᠠᠭᠳᠠᠨ ᠬᠤᠷᠢᠬᠤ ᠲᠠᠰᠤᠯᠤᠨ ᠰᠡᠷᠭᠡᠶᠢᠯᠡᠬᠦ ᠠᠷᠭ᠎ᠠ ᠬᠡᠮᠵᠢᠶ᠎ᠡ ᠠᠪᠬᠠᠭᠤᠯᠬᠤ ᠰᠠᠨᠠᠯ ᠢ ᠰᠢᠭᠦᠬᠦ ᠳᠦ ᠢᠷᠡᠭᠦᠯᠦᠭᠰᠡᠨ᠃
ᠭᠡᠲᠡᠯ᠎ᠡ ᠶᠠᠯᠠᠯᠠᠭᠳᠠᠭᠴᠢ ᠨᠢ ᠴᠠᠭᠳᠠᠨ ᠬᠤᠷᠢᠬᠤ ᠲᠠᠰᠤᠯᠤᠨ ᠰᠡᠷᠭᠡᠶᠢᠯᠡᠬᠦ ᠠᠷᠭ᠎ᠠ ᠬᠡᠮᠵᠢᠶᠡᠨ ᠦ ᠰᠠᠨᠠᠯ ᠢ ᠬᠡᠯᠡᠯᠴᠡᠬᠦ ᠰᠢᠭᠦᠬᠦ ᠶᠢᠨ ᠬᠡᠯᠡᠯᠴᠡᠭᠦᠯᠭᠡ ᠳᠦ ᠣᠷᠣᠯᠴᠠᠬᠤ ᠪᠠᠷ ᠢᠷᠡᠭᠡᠳ ᠂ ᠰᠢᠭᠦᠬᠦ ᠡᠴᠡ ᠣᠷᠭᠣᠨ ᠵᠠᠶᠢᠯᠠᠭᠰᠠᠨ ᠲᠤᠯᠠ ᠫᠷᠣᠺᠦ᠋ᠷᠣᠷ ᠳᠡᠭᠡᠷᠡᠬᠢ ᠨᠥᠬᠥᠴᠡᠯ ᠪᠠᠶᠢᠳᠠᠯ ᠠᠴᠠ ᠰᠢᠯᠲᠠᠭᠠᠯᠠᠵᠤ ᠴᠠᠭᠳᠠᠨ ᠬᠤᠷᠢᠬᠤ ᠲᠠᠰᠤᠯᠤᠨ ᠰᠡᠷᠭᠡᠶᠢᠯᠡᠬᠦ ᠠᠷᠭ᠎ᠠ ᠬᠡᠮᠵᠢᠶ᠎ᠡ ᠠᠪᠬᠤ ᠪᠣᠯᠤᠮᠵᠢ ᠦᠭᠡᠢ ᠲᠤᠯᠠ ᠬᠢᠯᠢ ᠪᠡᠷ ᠭᠠᠷᠬᠤ ᠶᠢ ᠬᠢᠵᠠᠭᠠᠷᠯᠠᠬᠤ ᠲᠠᠰᠤᠯᠤᠨ ᠰᠡᠷᠭᠡᠶᠢᠯᠡᠬᠦ ᠠᠷᠭ᠎ᠠ ᠬᠡᠮᠵᠢᠶ᠎ᠡ ᠠᠪᠬᠤ ᠰᠠᠨᠠᠯ ᠭᠠᠷᠭᠠᠭᠰᠠᠨ ᠤ ᠳᠠᠭᠠᠤ ᠪᠠᠶᠠᠩᠭᠤᠤᠯ ᠳᠡᠭᠦᠷᠭᠡ ᠶᠢᠨ ᠡᠷᠡᠭᠦᠦ ᠶᠢᠨ ᠬᠡᠷᠡᠭ ᠦᠨ ᠠᠩᠬᠠᠨ ᠱᠠᠲᠤᠨ ᠤ ᠰᠢᠭᠦᠬᠦ ᠡᠴᠡ ᠪ∙ᠡᠷᠳᠡᠨᠢᠪᠠᠶᠠᠷ ᠲᠤ 2019 ᠣᠨ ᠤ 12 ᠳ᠋ᠤᠭᠠᠷ ᠰᠠᠷ᠎ᠠ ᠶᠢᠨ 17 ᠍ ᠤ ᠡᠳᠦᠷ ᠬᠢᠯᠢ ᠪᠡᠷ ᠭᠠᠷᠬᠤ ᠶᠢ ᠬᠢᠵᠠᠭᠠᠷᠯᠠᠬᠤ ᠬᠢᠵᠠᠭᠠᠷᠯᠠᠯᠲᠠ ᠲᠣᠭᠲᠠᠭᠠᠬᠤ ᠲᠠᠰᠤᠯᠤᠨ ᠰᠡᠷᠭᠡᠶᠢᠯᠡᠬᠦ ᠠᠷᠭ᠎ᠠ ᠬᠡᠮᠵᠢᠶ᠎ᠡ ᠠᠪᠤᠭᠰᠠᠨ ᠶᠤᠮ᠃ 2019 ᠣᠨ ᠤ 12 ᠳ᠋ᠤᠭᠠᠷ ᠰᠠᠷ᠎ᠠ ᠶᠢᠨ 18 ᠍ ᠤ ᠡᠳᠦᠷ ᠪ∙ᠡᠷᠳᠡᠨᠢᠪᠠᠶᠠᠷ ᠢ ᠣᠯᠵᠤ ᠲᠣᠭᠲᠠᠭᠠᠨ ᠰᠠᠭᠠᠳᠠᠭᠤᠯᠤᠨ ᠂ 17 ᠤ ᠡᠳᠦᠷ ᠦᠨ ᠬᠢᠯᠢ ᠪᠡᠷ ᠭᠠᠷᠬᠤ ᠶᠢ ᠬᠢᠵᠠᠭᠠᠷᠯᠠᠬᠤ ᠠᠷᠭ᠎ᠠ ᠬᠡᠮᠵᠢᠶ᠎ᠡ ᠶᠢ ᠬᠦᠴᠦᠨ ᠦᠭᠡᠢ ᠪᠣᠯᠭᠠᠵᠤ᠂ ᠶᠠᠯᠠᠯᠠᠭᠳᠠᠭᠴᠢ ᠳᠤ 2019 ᠣᠨ ᠤ 12 ᠳ᠋ᠤᠭᠠᠷ ᠰᠠᠷ᠎ᠠ ᠶᠢᠨ 18 ᠍ ᠤ ᠡᠳᠦᠷ ᠡᠴᠡ ᠡᠬᠢᠯᠡᠨ 1 ᠰᠠᠷ᠎ᠠ ᠶᠢᠨ ᠬᠤᠭᠤᠴᠠᠭ᠎ᠠ ᠪᠠᠷ ᠴᠠᠭᠳᠠᠨ ᠬᠤᠷᠢᠬᠤ ᠲᠠᠰᠤᠯᠤᠨ ᠰᠡᠷᠭᠡᠶᠢᠯᠡᠬᠦ ᠠᠷᠭ᠎ᠠ ᠬᠡᠮᠵᠢᠶ᠎ᠡ ᠶᠢ ᠠᠪᠴᠤ ᠰᠢᠢᠳᠪᠤᠷᠢᠯᠡᠵᠡᠢ᠃