ᠵᠢᠦ᠋ᠳᠣ᠋ ᠪᠥᠬᠡ ᠶᠢᠨ ︽ᠴᠢᠩᠳᠤᠤ ᠮᠠᠰᠲ᠋ᠸᠷᠰ-2019 ︾ ᠲᠡᠮᠡᠴᠡᠭᠡᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠴᠢᠩᠳᠤᠤ ᠬᠤᠲᠠ ᠳᠤ ᠫᠦᠷᠪᠦ ᠭᠠᠷᠠᠭ ᠲᠤ ᠡᠬᠢᠯᠡᠵᠦ᠂ ᠮᠣᠩᠭᠣᠯ ᠤᠨ 10 ᠵᠢᠦ᠋ᠳᠤᠴᠢ ᠭᠠᠷᠴᠤ ᠪᠠᠷᠢᠯᠳᠤᠭᠰᠠᠨ ᠠᠴᠠ 2 ᠮᠥᠩᠭᠥ᠂ 1 ᠬᠦᠷᠡᠯ ᠮᠧᠳᠠᠯ ᠬᠦᠷᠲᠡᠯ᠎ᠡ᠃
ᠡᠮᠡᠭᠲᠡᠶᠢᠴᠦᠳ ᠦᠨ 48 ᠺᠢᠯᠦᠭᠷᠡᠮ ᠳᠦ ᠭ∙ᠨᠠᠷᠠᠨᠴᠡᠴᠡᠭ ᠠᠪᠤᠷᠭᠤ ᠶᠢᠨ ᠲᠥᠯᠥᠭᠡ ᠺᠤᠰᠤᠸᠤ᠋ ᠶᠢᠨ ᠺ ∙ ᠳ᠋ᠢᠰᠲᠷᠢᠶᠠ ᠳᠤ ᠪᠠᠽᠠᠷᠢ ᠦᠨᠡᠯᠡᠭᠡ ᠪᠡᠷ ᠢᠯᠠᠭᠳᠠᠵᠤ ᠮᠥᠩᠭᠥᠨ ᠮᠧᠳᠠᠯ ᠤᠨ ᠡᠵᠡᠨ ᠪᠣᠯᠪᠠ᠃ ᠡᠷᠡᠭᠲᠡᠢ 66 ᠺᠢᠯᠦᠭᠷᠡᠮ ᠳᠦ ᠮᠣᠩᠭᠣᠯ ᠠᠴᠠ 2 ᠪᠥᠬᠡ ᠭᠠᠷᠴᠤ ᠪᠠᠷᠢᠯᠳᠤᠵᠤ᠂ ᠬᠣᠶᠠᠭᠤᠯᠠ ᠪᠠᠨ ᠮᠧᠳᠠᠯ ᠬᠦᠷᠲᠡᠪᠡ ᠃ ᠡᠨᠡ ᠵᠢᠯ ᠦᠨ ᠳᠡᠯᠡᠬᠡᠢ ᠶᠢᠨ ᠠᠪᠤᠷᠭᠤ ᠪᠠᠷ ᠲᠣᠮᠣᠴᠤᠳ ᠢ ᠳᠠᠪᠠᠵᠤ᠂ ᠱᠤᠤᠭᠢᠭᠤᠯᠵᠤ ᠴᠢᠳᠠᠭᠰᠠᠨ ᠶᠣ᠊∙ᠪᠠᠰᠠᠬᠦᠦ ᠬᠦᠷᠡᠯ ᠮᠧᠳᠠᠯ ᠤᠨ ᠲᠥᠯᠥᠭᠡ ᠢᠰᠷᠸᠯ ᠤᠯᠤᠰ ᠤᠨ ᠪᠦᠬᠡ ᠶᠢ ᠨᠡᠮᠡᠯᠲᠡ ᠴᠠᠭ ᠲᠤ ᠪᠠᠽᠠᠷᠢ ᠦᠨᠡᠯᠡᠭᠡ ᠪᠡᠷ ᠢᠯᠠᠵᠤ᠂ ᠬᠦᠷᠡᠯ ᠮᠧᠳᠠᠯ ᠤᠨ ᠲᠠᠪᠴᠠᠩ ᠳᠤ ᠵᠣᠭᠰᠣᠪᠠ ᠃ ᠬᠠᠷᠢᠨ ᠭ∙ᠬᠡᠷᠦᠯᠦᠨ ᠡᠷᠴᠢ ᠬᠦᠴᠦᠲᠡᠢ ᠪᠠᠷᠢᠯᠳᠤᠵᠤ᠂ ᠮᠥᠩᠭᠥᠨ ᠮᠧᠳᠠᠯ ᠤᠨ ᠡᠵᠡᠨ ᠪᠣᠯᠪᠠ᠃ ᠲᠡᠷᠡᠪᠡᠷ 2017 ᠣᠨ ᠳᠤ ᠮᠠᠰᠲ᠋ᠸᠷ ᠤᠳ ᠤᠨ ᠲᠡᠮᠡᠴᠡᠭᠡᠨ ᠡᠴᠡ ᠠᠯᠲᠠᠨ ᠮᠧᠳᠠᠯ ᠬᠦᠷᠲᠡᠵᠦ ᠪᠠᠶᠢᠭᠰᠠᠨ ᠶᠤᠮ᠃ ᠡᠨᠡ ᠤᠳᠠᠭ᠎ᠠ ᠳᠤ ᠠᠪᠤᠷᠭᠤ ᠶᠢᠨ ᠲᠥᠯᠥᠭᠡ ᠢᠲ᠋ᠠᠯᠢ ᠶᠢᠨ ᠪᠦᠬᠡ ᠍ ᠲᠠᠢ ᠪᠠᠷᠢᠯᠳᠤᠵᠤ᠂ ᠴᠡᠪᠡᠷ ᠢᠯᠠᠭᠳᠠᠭᠰᠠᠨ ᠢᠶᠠᠷ ᠮᠥᠩᠭᠥᠨ ᠮᠧᠳᠠᠯ ᠵᠡᠭᠦᠯ᠎ᠡ ᠃