︽ᠴᠣᠳᠣᠭᠣᠷ ᠬᠦᠦ 2020 ︾ ᠥᠰᠪᠦᠷᠢ ᠶᠢᠨ ᠰᠢᠲᠠᠷᠠᠴᠢᠳ ᠤᠨ ᠲᠡᠮᠡᠴᠡᠭᠡᠨ ᠥᠩᠭᠡᠷᠡᠭᠰᠡᠨ ᠠᠮᠠᠷᠠᠯᠲᠠ ᠶᠢᠨ ᠡᠳᠦᠷ ᠦᠳ ᠢᠶᠡᠷ ᠤᠯᠠᠭᠠᠨ ᠭᠤᠮ ᠬᠤᠲᠠ ᠳᠤ ᠪᠣᠯᠤᠯ᠎ᠠ᠃ ᠲᠡᠮᠡᠴᠡᠭᠡᠨ ᠳᠦ ᠠᠶᠢᠮᠠᠭ ᠤᠨ 17 ᠰᠤᠮᠤ ᠶᠢᠨ 150 ᠭᠠᠷᠤᠢ ᠥᠰᠪᠦᠷᠢ ᠶᠢᠨ ᠰᠢᠲᠠᠷᠠᠴᠢᠳ ᠳᠥᠷᠪᠡᠨ ᠨᠠᠰᠤᠨ ᠤ ᠠᠩᠭᠢᠯᠠᠯ ᠢᠶᠠᠷ ᠣᠶᠤᠨ ᠤᠬᠠᠭᠠᠨ ᠠᠪᠬᠠᠯᠵᠢ ᠰᠠᠮᠪᠠᠭ᠎ᠠ ᠪᠠᠨ ᠰᠣᠷᠢᠨ ᠥᠷᠢᠰᠦᠯᠳᠦᠭᠰᠡᠨ ᠶᠤᠮ᠃
ᠬᠥᠪᠡᠭᠦᠳ ᠦᠨ 4-5 ᠨᠠᠰᠤᠨ ᠤ ᠠᠩᠭᠢᠯᠠᠯ ᠳᠤ ᠮᠠᠯᠴᠢᠨ ᠰᠤᠮᠤ ᠶᠢᠨ ᠪ∙ᠪᠠᠲᠤᠪᠢᠮᠪᠠ᠂ ᠦᠬᠢᠳ ᠲᠦ ᠲᠠᠷᠢᠶᠠᠯᠠᠩ ᠰᠤᠮᠤ ᠶᠢᠨ ᠪ∙ᠶᠢᠰᠦᠨ-ᠡᠷᠳᠡᠨᠢ᠂ ᠬᠥᠪᠡᠭᠦᠳ ᠦᠨ 6-7 ᠨᠠᠰᠤᠨ ᠤ ᠠᠩᠭᠢᠯᠠᠯ ᠳᠤ ᠴᠣᠭᠴᠠᠯᠠᠪᠤᠷᠢ ᠬᠤᠶᠠᠳᠤᠭᠠᠷ ᠰᠤᠷᠭᠠᠭᠤᠯᠢ ᠶᠢᠨ ᠪ∙ᠭᠠᠩᠪᠠᠶᠠᠷ᠂ ᠦᠬᠢᠳ ᠲᠦ ᠤᠯᠠᠭᠠᠨ ᠭᠤᠮ ᠤᠨ ᠲᠠᠪᠤᠳᠤᠭᠠᠷ ᠰᠤᠷᠭᠠᠭᠤᠯᠢ ᠶᠢᠨ ᠨ∙ᠨᠢᠮᠠᠬᠡᠰᠢᠭ ᠨᠠᠷ ᠲᠤᠰ ᠲᠤᠰ ᠲᠡᠷᠢᠭᠦᠯᠡᠯ᠎ᠡ᠃ ᠲᠡᠷᠡᠴᠢᠯᠡᠨ ᠬᠥᠪᠡᠭᠦᠳ ᠦᠨ 8-9 ᠨᠠᠰᠤᠨ ᠤ ᠠᠩᠭᠢᠯᠠᠯ ᠳᠤ ᠴᠣᠭᠴᠠᠯᠠᠪᠤᠷᠢ ᠨᠢᠭᠡᠳᠦᠭᠡᠷ ᠰᠤᠷᠭᠠᠭᠤᠯᠢ ᠶᠢᠨ ᠪ∙ᠪᠤᠶᠠᠨᠵᠠᠶᠠᠭ᠎ᠠ᠂ ᠦᠬᠢᠳ ᠲᠦ ᠡᠮᠦᠨᠡᠭᠣᠪᠢ ᠰᠤᠮᠤ ᠶᠢᠨ ᠷ∙ᠨᠣᠮᠤᠨᠳᠠᠯᠠᠢ᠂ ᠬᠥᠪᠡᠭᠦᠳ ᠦᠨ 10-11 ᠨᠠᠰᠤᠨ ᠤ ᠠᠩᠭᠢᠯᠠᠯ ᠳᠤ ᠴᠣᠭᠴᠠᠯᠠᠪᠤᠷᠢ ᠨᠢᠭᠡᠳᠦᠭᠡᠷ ᠰᠤᠷᠭᠠᠭᠤᠯᠢ ᠶᠢᠨ ᠪ∙ᠭᠠᠩᠪᠠᠭᠠᠨᠠ᠂ ᠦᠬᠢᠳ ᠲᠦ ᠴᠣᠭᠴᠠᠯᠠᠪᠤᠷᠢ ᠨᠢᠭᠡᠳᠦᠭᠡᠷ ᠰᠤᠷᠭᠠᠭᠤᠯᠢ ᠶᠢᠨ ᠳ ∙ᠪᠤᠶᠠᠨᠵᠠᠶᠠᠭ᠎ᠠ ᠨᠠᠷ ᠲᠤᠰ ᠲᠤᠰ ᠠᠪᠤᠷᠭᠤᠯᠠᠭᠰᠠᠨ ᠶᠤᠮ᠃