ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠠᠨᠨᠢᠩ ᠬᠤᠲᠠ ᠳᠤ ᠡᠨᠡ ᠰᠠᠷ᠎ᠠ ᠶᠢᠨ 7-8 ᠳᠤ ᠵᠣᠬᠢᠶᠠᠨ ᠪᠠᠶᠢᠭᠤᠯᠤᠭᠳᠠᠭᠰᠠᠨ ᠣᠯᠠᠨ ᠤᠯᠤᠰ ᠤᠨ ᠰᠠᠭᠰᠤᠨ ᠪᠥᠮᠪᠥᠭᠡ ᠶᠢᠨ B-One ᠯᠢᠭ ᠲᠦ ᠮᠣᠩᠭᠣᠯ ᠤᠯᠤᠰ ᠤᠨ ᠪᠠᠭ ᠣᠷᠣᠯᠴᠠᠨ ᠮᠥᠩᠭᠥᠨ ᠮᠧᠳᠠᠯ ᠤᠨ ᠡᠵᠡᠳ ᠪᠣᠯᠤᠯ᠎ᠠ᠃ ᠮᠣᠩᠭᠣᠯ ᠤᠯᠤᠰ ᠤᠨ ᠪᠠᠭ ᠡᠬᠢᠨ ᠦ ᠲᠤᠭᠯᠠᠯᠲᠠ ᠳᠤ ᠪᠠᠨ ᠬᠢᠲᠠᠳ ᠤᠨ ᠪᠠᠭ ᠢ᠂ ᠳᠠᠷᠠᠭ᠎ᠠ ᠶᠢᠨ ᠲᠤᠭᠯᠠᠯᠲᠠ ᠳᠤ ᠪᠠᠨ ᠶᠠᠫᠣᠨ ᠤ ᠪᠠᠭ ᠢ ᠬᠣᠵᠢᠨ ᠂ ᠰᠢᠭᠰᠢᠭᠡ ᠲᠤᠭᠯᠠᠯᠲᠠ ᠳᠤ ᠬᠢᠲᠠᠳ ᠤᠨ ᠪᠠᠭ ᠲᠠᠢ ᠰᠢᠷᠦᠭᠦᠨ ᠥᠷᠢᠰᠦᠯᠳᠦᠭᠡᠨ ᠦᠵᠡᠭᠦᠯᠦᠭᠰᠡᠨ ᠦ ᠡᠴᠦᠰ ᠲᠦ ᠬᠠᠷᠠᠮᠰᠠᠯᠲᠠᠢ ᠬᠣᠵᠢᠭᠳᠠᠯ ᠬᠦᠯᠢᠶᠡᠨ ᠮᠥᠩᠭᠥᠨ ᠮᠧᠳᠠᠯ᠂ 30 ᠭᠠᠷᠤᠢ ᠰᠠᠶ᠎ᠠ ᠲᠥᠭᠥᠷᠢᠭ ᠦᠨ ᠱᠠᠩᠨᠠᠯ ᠤᠨ ᠡᠵᠡᠳ ᠪᠣᠯᠤᠯ᠎ᠠ᠃ ᠲᠤᠰ ᠲᠡᠮᠡᠴᠡᠭᠡᠨ ᠳᠦ ᠳᠣᠯᠣᠭᠠᠨ ᠣᠷᠣᠨ ᠤ ᠨᠠᠢᠮᠠᠨ ᠪᠠᠭ ᠣᠷᠣᠯᠴᠠᠭᠰᠠᠨ ᠪᠥᠭᠡᠳ ᠰᠢᠭᠤᠳ ᠬᠠᠰᠤᠭᠳᠠᠬᠤ ᠵᠢᠷᠤᠮ ᠢᠶᠠᠷ ᠲᠡᠮᠡᠴᠡᠭᠡᠨ ᠶᠠᠪᠤᠭᠳᠠᠵᠠᠢ᠃
ᠮᠣᠩᠭᠣᠯ ᠤᠯᠤᠰ ᠤᠨ ᠪᠠᠭ ᠤᠨ ᠪᠦᠷᠢᠯᠳᠦᠬᠦᠨ ᠳᠦ᠄ ᠣ∙ᠡᠩᠬᠡᠪᠠᠭᠠᠲᠤᠷ᠂ ᠲ∙ᠰᠠᠨᠢᠴᠢᠷ᠂ ∙ᠳᠣᠷᠵᠢ- ᠠᠷᠯᠢᠳ᠂ ᠴ∙ᠣᠳᠬᠣᠨᠵᠢᠷᠭᠠᠯ᠂ ᠰ∙ᠡᠷᠳᠡᠨᠢᠳᠠᠯᠠᠢ᠂ ᠪ∙ᠳᠠᠷᠬᠠᠨᠲᠡᠭᠦᠰ᠂ ᠪ∙ᠪᠠᠲᠤᠵᠤᠯᠪᠤᠭᠠ᠂ ᠠ᠊∙ᠭᠠᠩᠰᠦ᠋ᠬᠡ᠂ ᠣ∙ᠳᠤᠷᠵᠢᠵᠤᠪᠳᠤ᠂ ᠮ∙ᠥᠯᠵᠡᠢ-ᠤᠷᠤᠰᠢᠬᠤ᠂ ᠬ∙ᠮᠦᠩᠬᠡᠲᠦ᠋ᠷᠦ᠂ ᠮᠠᠷᠺᠦ᠋ᠰ ᠾᠢᠮᠮᠤᠨᠳᠤᠰ ᠨᠠᠷ ᠪᠠᠭ ᠤᠨ ᠪᠦᠷᠢᠯᠳᠦᠬᠦᠨ ᠳᠦ ᠪᠠᠭᠲᠠᠵᠠᠢ᠃