ᠬᠠᠰᠠᠭᠰᠲ᠋ᠠᠨ ᠤᠯᠤᠰ ᠤᠨ ᠠᠯᠮᠠᠲ ᠬᠤᠲᠠ ᠳᠤ ᠡᠨᠡ ᠰᠠᠷ᠎ᠠ ᠶᠢᠨ 2-8 ᠤ ᠬᠣᠭᠣᠷᠣᠨᠳᠣ ᠵᠣᠬᠢᠶᠠᠨ ᠪᠠᠶᠢᠭᠤᠯᠤᠭᠳᠠᠵᠤ ᠪᠠᠶᠢᠭ᠎ᠠ ᠠᠽᠢᠶ᠎ᠠ ᠲᠢᠪ ᠦᠨ ᠺᠯᠠᠰᠰᠢᠺ ᠫᠠᠦ᠋ᠶ᠋ᠸᠷᠯᠢᠹᠲ᠋ᠢᠩ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠲᠠᠪᠤᠨ ᠡᠳᠦᠷ ᠦᠨ ᠳᠠᠷᠠᠭᠠᠬᠢ ᠪᠠᠶᠢᠳᠠᠯ ᠢᠶᠠᠷ M 3 ᠠᠩᠭᠢᠯᠠᠯ ᠤᠨ -59 ᠺᠢᠯᠦᠭᠷᠡᠮ ᠳᠦ 68 ᠨᠠᠰᠤᠲᠠᠢ ᠱ᠂ ᠫᠸᠷᠯᠡᠢ 4 ᠮᠥᠩᠭᠥᠨ ᠮᠧᠳᠠᠯ ᠤᠨ ᠡᠵᠡᠨ ᠪᠣᠯᠵᠤ᠂ ᠮᠧᠳᠠᠯ ᠤᠨ ᠰᠠᠯᠬᠢ ᠶᠢ ᠬᠠᠭᠠᠯᠤᠭᠰᠠᠨ ᠪᠣᠯ M1 ᠠᠩᠭᠢᠯᠠᠯ ᠤᠨ -74 ᠺᠢᠯᠦᠭᠷᠡᠮ ᠵᠢᠩ ᠳᠦ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠰ᠂ ᠡᠩᠬᠡᠪᠠᠲᠤ ᠠᠪᠤᠷᠭᠤ ᠪᠣᠯᠵᠤ᠂ ᠠᠽᠢᠶ᠎ᠠ ᠲᠢᠪ ᠲᠦ ᠭᠤᠷᠪᠠᠳᠠᠬᠢ ᠤᠳᠠᠭ᠎ᠠ ᠪᠠᠨ ᠨᠤᠶᠠᠯᠠᠯᠠ᠃ ᠬᠠᠷᠢᠨ ᠡᠮᠡᠭᠲᠡᠢ ᠨᠠᠰᠤᠨ ᠳᠤ ᠬᠦᠷᠦᠭᠰᠡᠳ ᠦᠨ – 63 ᠺᠢᠯᠦᠭᠷᠡᠮ ᠳᠦ СМ ᠪ᠂ ᠠᠮᠤᠷᠴᠡᠩᠭᠡᠯ ᠱᠲ᠋ᠠᠩᠭᠠ ᠲᠠᠲᠠᠯᠲᠠ ᠶᠢᠨ ᠲᠥᠷᠥᠯ ᠳᠦ ᠮᠥᠩᠭᠥᠨ ᠮᠧᠳᠠᠯ᠂ M2 ᠠᠩᠭᠢᠯᠠᠯ ᠤᠨ -74 ᠺᠢᠯᠦᠭᠷᠡᠮ ᠳᠦ ᠳ᠂ ᠪᠠᠶᠠᠷᠵᠢᠷᠭᠠᠯ ᠠᠯᠲᠠᠨ ᠮᠧᠳᠠᠯ ᠬᠦᠷᠲᠡᠵᠦ ᠠᠽᠢᠶ᠎ᠠ ᠶᠢᠨ ᠠᠪᠤᠷᠭᠤ ᠪᠣᠯᠤᠯ᠎ᠠ᠃