ᠮᠣᠩᠭᠣᠯ ᠤᠨ ᠵᠢᠤᠳᠤ᠋ ᠶᠢᠨ ᠬᠣᠯᠪᠣᠭᠠᠨ ᠤ ᠣᠯᠢᠮᠫ ᠤᠨ ᠰᠢᠭᠰᠢᠭᠡ ᠪᠠᠭ ︽ᠣᠰᠠᠺᠠ-2019︾ ᠣᠯᠠᠨ ᠤᠯᠤᠰ ᠤᠨ ᠵᠢᠤᠳᠤ᠋ ᠪᠥᠬᠡ ᠶᠢᠨ ᠬᠣᠯᠪᠣᠭᠠᠨ ᠤ ᠶᠡᠬᠡ ᠳᠤᠭᠤᠯᠠᠭ᠎ᠠ ᠲᠡᠮᠡᠴᠡᠭᠡᠨ ᠳᠦ ᠠᠮᠵᠢᠯᠲᠠᠲᠠᠢ ᠣᠷᠣᠯᠴᠠᠵᠤ ᠪᠠᠶᠢᠨ᠎ᠠ᠃ ᠲᠡᠮᠡᠴᠡᠭᠡᠨ ᠦ ᠡᠬᠢᠨ ᠦ ᠡᠳᠦᠷ ᠳ∙ᠰᠤᠮᠢᠶ᠎ᠠ ᠡᠮᠡᠭᠲᠡᠶᠢᠴᠦᠳ ᠦᠨ -57 ᠺᠢᠯᠦᠭᠷᠡᠮ ᠦᠨ ᠵᠢᠩ ᠳᠦ ᠬᠦᠴᠦ ᠦᠵᠡᠵᠦ᠂ ᠬᠦᠷᠡᠯ ᠮᠧᠳᠠᠯ ᠬᠦᠷᠲᠡᠭᠰᠡᠨ ᠪᠣᠯ ᠮ∙ᠦᠷᠠᠨᠴᠡᠴᠡᠭ ᠡᠮᠡᠭᠲᠡᠶᠢᠴᠦᠳ ᠦᠨ -48 ᠺᠢᠯᠦᠭᠷᠡᠮ ᠵᠢᠩ ᠳᠦ ᠳᠣᠯᠣᠳᠤᠭᠠᠷ ᠪᠠᠶᠢᠷᠢᠨ ᠳᠤ ᠣᠷᠣᠭᠰᠠᠨ ᠠᠮᠵᠢᠯᠲᠠ ᠦᠵᠡᠭᠦᠯᠦᠭᠰᠡᠨ᠃
ᠲᠡᠭᠡᠪᠡᠯ ᠥᠴᠥᠭᠡᠳᠦᠷ ︵11.24︶ ᠡᠮᠡᠭᠲᠡᠶᠢᠴᠦᠳ ᠦᠨ -63 ᠺᠢᠯᠦᠭᠷᠡᠮ ᠳᠦ ᠪ∙ᠭᠠᠩᠬᠠᠶᠢᠴᠢ᠂ ᠡᠷᠡᠭᠲᠡᠶᠢᠴᠦᠳ ᠦᠨ -73 ᠺᠢᠯᠦᠭᠷᠡᠮ ᠳᠦ ᠭ∙ᠤᠳᠤᠪᠠᠶᠠᠷ᠂ -81 ᠺᠢᠯᠦᠭᠷᠡᠮ ᠳᠦ ᠣ᠊∙ᠤᠤᠭᠠᠨᠪᠠᠭᠠᠲᠤᠷ᠂
ᠨ᠂ ᠳᠠᠭᠸᠠᠰᠦ᠋ᠷᠦᠩ ᠨᠠᠷ ᠪᠠᠷᠢᠯᠳᠤᠭᠰᠠᠨ ᠶᠤᠮ᠃ ᠡᠷᠡᠭᠲᠡᠶᠢᠴᠦᠳ ᠦᠨ -73ᠺᠢᠯᠦᠭᠷᠡᠮ ᠳᠦ ᠪᠠᠷᠢᠯᠳᠤᠭᠰᠠᠨ ᠭ ∙ ᠤᠳᠤᠪᠠᠶᠠᠷ ᠬᠦᠷᠡᠯ ᠮᠧᠳᠠᠯ ᠬᠦᠷᠲᠡᠵᠡᠢ ᠃ ᠢᠩᠭᠢᠭᠰᠡᠨ ᠢᠶᠡᠷ ᠮᠣᠩᠭᠣᠯ ᠤᠯᠤᠰ ᠤᠨ ᠪᠠᠭ ᠲᠠᠮᠢᠷᠴᠢᠳ ︽ᠣᠰᠠᠺᠠ-2019︾ ᠵᠢᠤᠳᠤ᠋ ᠪᠥᠬᠡ ᠶᠢᠨ ᠶᠡᠬᠡ ᠳᠤᠭᠤᠯᠠᠭ᠎ᠠ ᠲᠡᠮᠡᠴᠡᠭᠡᠨ ᠦ ᠬᠣᠶᠠᠷ ᠡᠳᠦᠷ ᠦᠨ ᠪᠠᠶᠢᠳᠠᠯ ᠢᠶᠠᠷ ᠬᠣᠶᠠᠷ ᠬᠦᠷᠡᠯ ᠮᠧᠳᠠᠯ ᠲᠠᠢ 12 ᠲᠤ ᠡᠷᠡᠮᠪᠡᠯᠡᠭᠳᠡᠵᠡᠢ᠃ ᠲᠡᠮᠡᠴᠡᠭᠡᠨ ᠢ 11 ᠠᠯᠲᠠ᠂ 8 ᠮᠥᠩᠭᠥ᠂ 15 ᠬᠦᠷᠡᠯ ᠮᠧᠳᠠᠯ ᠲᠠᠢ ᠶᠠᠫᠣᠨ ᠤᠯᠤᠰ ᠲᠡᠷᠢᠭᠦᠯᠡᠵᠦ ᠪᠠᠶᠢᠨ᠎ᠠ᠃