︽ᠡᠬᠡ ᠣᠷᠣᠨ- ᠲᠤᠰᠠᠭᠠᠷ ᠲᠣᠭᠲᠠᠨᠢᠯ︾ᠨᠠᠭᠠᠳᠤᠮ ᠪᠣᠯᠪᠠ  | News.MN

 ︽ᠡᠬᠡ ᠣᠷᠣᠨ- ᠲᠤᠰᠠᠭᠠᠷ ᠲᠣᠭᠲᠠᠨᠢᠯ︾ᠨᠠᠭᠠᠳᠤᠮ ᠪᠣᠯᠪᠠ 

ᠮᠣᠩᠭᠣᠯ ᠤᠯᠤᠰ ᠤᠨ ᠠᠩᠬᠠᠳᠤᠭᠠᠷ ᠦᠨᠳᠦᠰᠦᠨ ᠬᠠᠤᠯᠢ ᠪᠠᠨ ᠪᠠᠲᠤᠯᠠᠨ᠂ ᠪᠦᠭᠦᠳᠡ ᠨᠠᠶᠢᠷᠠᠮᠳᠠᠬᠤ ᠵᠠᠰᠠᠭᠯᠠᠯ ᠳᠤ ᠰᠢᠯᠵᠢᠵᠦ᠂ ᠲᠤᠰᠠᠭᠠᠷ ᠲᠣᠭᠲᠠᠨᠢᠯ ᠢᠶᠠᠨ ᠲᠤᠩᠬᠠᠭᠯᠠᠭᠰᠠᠨ ᠤ 95 ᠵᠢᠯ ᠦᠨ ᠣᠢ ᠳᠤ ᠵᠣᠷᠢᠭᠤᠯᠤᠭᠰᠠᠨ ᠢᠷᠠᠭᠤ ᠨᠠᠶᠢᠷᠠᠭ ᠤᠨ ᠨᠠᠭᠠᠳᠤᠮ ᠪᠣᠯᠤᠯ᠎ᠠ᠃
ᠥᠪᠦᠷᠬᠠᠩᠭᠠᠢ ᠠᠶᠢᠮᠠᠭ ᠤᠨ ᠨᠡᠶᠢᠭᠡᠮ ᠤᠨ ᠠᠷᠠᠳᠴᠢᠯᠠᠯ ᠮᠣᠩᠭᠣᠯ ᠤᠨ ᠣᠶᠤᠲᠠᠨ ᠤ ᠬᠣᠯᠪᠣᠭᠠᠨ ᠠᠴᠠ ᠰᠠᠨᠠᠭᠠᠴᠢᠯᠠᠨ ᠵᠣᠬᠢᠶᠠᠨ ᠪᠠᠶᠢᠭᠤᠯᠤᠭᠰᠠᠨ ︽ᠡᠬᠡ ᠣᠷᠣᠨ-ᠲᠤᠰᠠᠭᠠᠷ ᠲᠣᠭᠲᠠᠨᠢᠯ︾ ᠰᠡᠳᠦᠪᠲᠦ ᠢᠷᠠᠭᠤ ᠨᠠᠶᠢᠷᠠᠭ ᠤᠨ ᠲᠡᠮᠡᠴᠡᠭᠡᠨ ᠳᠦ 30 ᠣᠷᠴᠢᠮ ᠨᠠᠶᠢᠷᠠᠭᠴᠢ ᠣᠷᠣᠯᠴᠠᠨ ᠰᠢᠯᠦᠭ ᠰᠣᠶᠢᠨ ᠤᠷᠤᠯᠳᠤᠭᠰᠠᠨ ᠶᠤᠮ᠃ ᠨᠠᠭᠠᠳᠤᠮ ᠤᠨ ᠲᠡᠷᠢᠭᠦᠨ ᠪᠠᠶᠢᠷᠢ ᠶᠢ ᠲᠥᠭᠥᠷᠢᠭ ᠰᠤᠮᠤ ᠠᠴᠠ ᠣᠷᠣᠯᠴᠠᠭᠴᠢ᠂ ᠮᠣᠩᠭᠣᠯ ᠤᠨ ᠵᠣᠬᠢᠶᠠᠯᠴᠢᠳ ᠤᠨ ᠬᠣᠯᠪᠣᠭᠠᠨ ᠤ ᠭᠡᠰᠢᠭᠦᠨ᠂  ᠰᠸᠷ ᠣᠳᠣ ᠶᠢᠨ ᠨᠡᠷᠡᠮᠵᠢᠲᠦ ᠱᠠᠩᠨᠠᠯᠲᠤ ᠳ∙ᠥᠰᠬᠦ-ᠡᠷᠳᠡᠨᠢ᠂ ᠳᠡᠳ᠋ ᠪᠠᠶᠢᠷᠢ ᠶᠢ ᠬᠠᠶᠢᠷᠬᠠᠨᠳᠤᠯᠠᠭᠠᠨ ᠰᠤᠮᠤ ᠠᠴᠠ ᠣᠷᠣᠯᠴᠠᠭᠴᠢ᠂ 2017᠂ 2019 ᠣᠨ ᠤ ︽ᠤᠷᠠᠨ ᠵᠢᠷᠭᠢᠭᠡ︾ ᠨᠠᠭᠠᠳᠤᠮ ᠤᠨ ᠲᠡᠷᠢᠭᠦᠨ ᠪᠠᠶᠢᠷᠢ ᠶᠢᠨ ᠱᠠᠩᠨᠠᠯᠲᠤ᠂ ᠵᠠᠯᠠᠭᠤ ᠢᠷᠠᠭᠤ ᠨᠠᠶᠢᠷᠠᠭᠴᠢ ᠡ᠊∙ᠵᠢᠪᠽᠤᠨᠳᠤᠯᠮ᠎ᠠ᠂ ᠭᠤᠲᠠᠭᠠᠷ ᠪᠠᠶᠢᠷᠢ ᠶᠢ  ᠠᠷᠪᠠᠢ ᠬᠡᠭᠡᠷ ᠰᠤᠮᠤ ᠠᠴᠠ ᠣᠷᠣᠯᠴᠠᠭᠴᠢ ᠲᠥᠷᠥ ᠶᠢᠨ  ᠰᠤᠶᠤᠷᠬᠠᠯᠲᠤ ᠂ ᠰᠤᠶᠤᠯ ᠤᠨ ᠭᠠᠪᠢᠶᠠᠲᠤ ᠵᠢᠳᠬᠦᠯᠲᠡᠨ ᠴ∙ᠭᠠᠶᠢᠲᠠᠪ ᠤᠨ ᠨᠡᠷᠡᠮᠵᠢᠲᠦ ︽ᠪᠣᠯᠣᠷ ᠴᠣᠮᠣ︾ ᠨᠠᠭᠠᠳᠤᠮ ᠤᠨ ᠲᠤᠰᠬᠠᠢ ᠪᠠᠶᠢᠷᠢ ᠶᠢᠨ ᠱᠠᠩᠨᠠᠯᠲᠤ ᠲ∙ᠭᠠᠩᠲᠤᠯᠭ᠎ᠠ ᠨᠠᠷ ᠡᠵᠡᠯᠡᠯ᠎ᠡ᠃

ᠰᠡᠳᠬᠢᠭᠳᠡᠯ ᠦᠯᠡᠳᠡᠭᠡᠬᠦ