ᠰᠣᠩᠭᠣᠳᠠᠭ ᠤᠷᠠᠯᠢᠭ ᠤᠨ ᠰᠢᠯᠢᠳᠡᠭ ᠪᠦᠲᠦᠭᠡᠯ ᠪᠣᠯᠬᠤ ᠠ᠊∙ᠠᠳᠠᠨ ᠤ ︽ᠵᠢᠽᠸᠯᠢ︾ ᠪᠠᠯᠧᠲ ᠢ ᠡᠮᠦᠨᠡᠲᠦ ᠰᠣᠯᠣᠩᠭᠣᠰ ᠤᠨ Wise Ballet Theater᠂ ᠤᠯᠤᠰ ᠤᠨ ᠳᠠᠭᠤᠷᠢ ᠪᠦᠵᠢᠭ ᠦᠨ ᠡᠷᠳᠡᠮ ᠦᠨ ᠲᠢᠶᠠᠲ᠋ᠷ ᠤᠨ ᠪᠠᠯᠧᠲ ᠤᠨ ᠪᠦᠵᠢᠭᠴᠢᠳ ᠬᠠᠮᠲᠤᠷᠠᠨ ᠲᠠᠯᠪᠢᠬᠤ ᠭᠡᠵᠦ ᠪᠠᠶᠢᠨ᠎ᠠ᠃ 24 ᠬᠦᠮᠦᠨ ᠦ ᠪᠦᠷᠢᠯᠳᠦᠬᠦᠨ ᠲᠡᠢ ᠪᠠᠯᠧᠲ ᠤᠨ ︽ᠵᠢᠽᠸᠯᠢ︾ ᠶᠢᠨ ᠳᠦᠷᠢ ᠶᠢ ᠳᠠᠭᠤᠷᠢ ᠶᠢᠨ ᠲᠢᠶᠠᠲ᠋ᠷ ᠤᠨ ᠪᠠᠯᠧᠲ ᠤᠨ ᠭᠣᠴᠣᠯᠠᠯ ᠪᠦᠵᠢᠭᠴᠢᠨ ᠪ∙ᠰᠠᠷᠠᠭᠤᠯ ᠠᠮᠢᠯᠠᠭᠤᠯᠬᠤ ᠠᠵᠠᠢ᠃ ᠳᠠᠰᠢᠷᠠᠮ ᠳᠤ ᠳᠤᠷᠠᠳᠬᠤ ᠳᠤ᠂ ︽ᠵᠢᠽᠸᠯᠢ︾ ᠪᠠᠯᠧᠲ ᠮᠣᠩᠭᠣᠯ ᠤᠨ ᠲᠠᠶᠢᠰᠠᠨ᠎ᠠ ᠲᠠᠯᠪᠢᠭᠳᠠᠭᠰᠠᠨ ᠤ 40 ᠵᠢᠯ ᠦᠨ ᠣᠢ ᠡᠨᠡ ᠵᠢᠯ ᠲᠣᠬᠢᠶᠠᠵᠤ ᠪᠠᠶᠢᠭ᠎ᠠ ᠪᠢᠯᠡ᠃ ᠠᠷᠪᠠᠨ ᠨᠢᠭᠡᠳᠦᠭᠡᠷ ᠰᠠᠷ᠎ᠠ ᠶᠢᠨ 22- 23 ᠳᠤ ᠡᠮᠦᠨᠡᠲᠦ ᠰᠣᠯᠣᠩᠭᠣᠰ ᠤᠨ ᠢᠯᠰᠠᠨ ᠬᠣᠲᠠ ᠶᠢᠨ ᠭᠤᠶᠠᠨ ᠠᠷᠠᠮᠨᠦᠷᠢ ︽ᠠᠷᠠᠮ︾ ᠲᠢᠶᠠᠲ᠋ᠷ ᠲᠤ ᠮᠣᠩᠭᠣᠯ ᠪᠠᠯᠧᠲᠴᠢᠨ ᠣ ᠭᠣᠴᠣᠯᠠᠬᠤ ︽ᠵᠢᠽᠸᠯᠢ︾ ᠪᠠᠯᠧᠲ ᠠᠮᠢᠯᠠᠨ᠎ᠠ᠃