ᠮᠣᠩᠭᠣᠯ ᠤᠨ ᠷᠣᠺ ᠫᠣᠫ ᠤᠷᠠᠯᠢᠭ ᠤᠨ ᠦᠬᠢᠳ ᠤᠨ ᠴᠥᠭᠡᠬᠡᠨ ᠬᠠᠮᠲᠤᠯᠢᠭ ᠦᠨ ᠨᠢᠭᠡ Honeymoon ᠬᠠᠮᠲᠤᠯᠢᠭ ᠤᠨ ᠵᠠᠷᠢᠮ ᠭᠡᠰᠢᠭᠦᠳ ᠰᠢᠨᠡᠴᠢᠯᠡᠭᠳᠡᠵᠡᠢ᠃ ᠲᠣᠳᠣᠷᠠᠭᠤᠯᠪᠠᠯ ᠲᠤᠰ ᠬᠠᠮᠲᠤᠯᠢᠭ ᠤᠨ ᠬᠣᠶᠠᠷ ᠭᠡᠰᠢᠭᠦᠨ ᠨᠢ ᠠᠮᠢᠳᠤᠷᠠᠯ ᠵᠣᠬᠢᠶᠠᠨ ᠬᠠᠮᠲᠤᠯᠢᠭ ᠠᠴᠠ ᠪᠠᠨ ᠭᠠᠷᠤᠭᠰᠠᠨ ᠪᠠᠶᠢᠨ᠎ᠠ᠃ ᠡᠶᠢᠮᠦ ᠳᠦ ᠠᠪᠢᠶᠠᠰᠯᠢᠭ᠂ ᠴᠢᠷᠠᠶᠢᠯᠠᠭ᠂ ᠭᠤᠸᠠᠯᠢᠭ ᠦᠬᠢᠳ ᠲᠠᠢ ᠭᠡᠳᠡᠭ ᠢᠶᠡᠷ ᠢᠶᠡᠨ ᠤᠯᠠᠨ ᠳᠤ ᠲᠠᠨᠢᠭᠳᠠᠭᠰᠠᠨ Honeymoon ᠬᠠᠮᠲᠤᠯᠢᠭ ᠰᠤᠶᠤᠯ ᠤᠷᠠᠯᠢᠭ ᠤᠨ ᠶᠡᠬᠡ ᠰᠤᠷᠭᠠᠭᠤᠯᠢ ᠶᠢ ᠵᠦᠴᠦᠭᠡᠴᠢᠨ ᠮᠡᠷᠭᠡᠵᠢᠯ ᠢᠶᠡᠷ ᠲᠡᠭᠦᠰᠦᠭᠰᠡᠨ ᠡ᠊∙ ᠬᠤᠩᠭᠤᠷᠵᠤᠯᠠ ᠪᠣᠯᠤᠨ ᠬᠦᠨᠡᠰᠦᠨ ᠦ ᠲᠧᠭᠨᠣᠯᠣᠭᠢᠴᠢ ᠮᠡᠷᠭᠡᠵᠢᠯ ᠲᠡᠢ ᠶᠡ᠊∙ᠪᠣᠲᠣᠵᠠᠨ ᠬᠡᠮᠡᠬᠦ ᠠᠪᠢᠶᠠᠰᠯᠢᠭ᠂ ᠴᠢᠷᠠᠶᠢᠯᠢᠭ ᠦᠬᠢᠳ ᠢᠶᠠᠷ ᠰᠢᠨᠡᠬᠡᠨ ᠪᠠᠭ ᠢᠶᠠᠨ ᠪᠦᠷᠢᠳᠦᠭᠦᠯᠵᠡᠢ᠃
ᠡᠶᠢᠨ ᠬᠦ ᠬᠠᠮᠲᠤᠯᠢᠭ ᠤᠨ ᠠᠬᠠᠯᠠᠭᠴᠢ ᠪ∙ᠰᠣᠯᠣᠩᠭ᠎ᠠ ᠪᠣᠯᠤᠨ ᠨ∙ᠴᠢᠩᠴᠢᠯᠠᠭᠤᠨ ᠨᠠᠷ ᠰᠢᠨᠡᠬᠡᠨ ᠭᠡᠰᠢᠭᠦᠳ ᠲᠠᠢ ᠪᠠᠨ ᠬᠠᠮᠲᠤᠷᠠᠨ ᠰᠢᠨ᠎ᠡ ᠤᠷᠠᠨ ᠪᠦᠲᠦᠭᠡᠯ ᠦᠳ ᠲᠡᠭᠡᠨ ᠣᠷᠣᠵᠠᠢ᠃ ᠲᠡᠳᠡ ︽ᠴᠢ ᠬᠡᠨ ᠶᠤᠮ ᠪᠤᠢ ︾ ᠬᠡᠮᠡᠬᠦ ᠳᠠᠭᠤᠤ ᠪᠠᠨ ᠰᠣᠨᠣᠰᠤᠭᠴᠢ ᠹᠧᠨ ᠨᠦᠭᠦᠳ ᠲᠡᠭᠡᠨ ᠬᠦᠷᠭᠡᠬᠦ ᠪᠡᠷ ᠪᠡᠯᠡᠳᠴᠦ ᠪᠠᠶᠢᠨ᠎ᠠ᠃