ᠴᠠᠬᠢᠮ ᠯᠤᠶᠢᠪᠠᠷ ᠤᠨ ᠨᠢᠭᠡ ᠲᠣᠯᠣᠭᠠᠶᠢᠯᠠᠭᠴᠢ ᠶᠢ ᠵᠠᠮ ᠤᠨ ᠡᠭᠦᠳᠡ ᠡᠴᠡ ᠪᠠᠷᠢᠪᠴᠢᠯᠠᠵᠠᠢ  | News.MN

ᠴᠠᠬᠢᠮ ᠯᠤᠶᠢᠪᠠᠷ ᠤᠨ ᠨᠢᠭᠡ ᠲᠣᠯᠣᠭᠠᠶᠢᠯᠠᠭᠴᠢ ᠶᠢ ᠵᠠᠮ ᠤᠨ ᠡᠭᠦᠳᠡ ᠡᠴᠡ ᠪᠠᠷᠢᠪᠴᠢᠯᠠᠵᠠᠢ 

ᠴᠠᠬᠢᠮ ᠯᠤᠶᠢᠪᠠᠷ ᠬᠢᠭᠰᠡᠨ ᠪᠠᠶᠢᠵᠤ ᠪᠣᠯᠵᠣᠰᠢ ᠦᠭᠡᠢ ᠬᠢᠲᠠᠳ  ᠤᠨ 759 ᠢᠷᠭᠡᠨ ᠢ ᠨᠤᠲᠤᠭ ᠪᠤᠴᠠᠭᠠᠭᠠᠳ ᠪᠤᠢ᠃ ᠲᠡᠭᠡᠪᠡᠯ ᠡᠳᠡᠭᠡᠷ ᠬᠢᠲᠠᠳ ᠢᠷᠭᠡᠨ ᠦ ᠲᠣᠯᠣᠭᠠᠶᠢᠯᠠᠭᠴᠢ᠂ ᠵᠣᠬᠢᠶᠠᠨ ᠪᠠᠶᠢᠭᠤᠯᠤᠭᠴᠢ᠂ ᠬᠥᠷᠥᠩᠭᠡ ᠣᠷᠣᠭᠤᠯᠤᠭᠴᠢ ᠪᠠᠶᠢᠵᠤ ᠪᠣᠯᠵᠣᠰᠢ ᠦᠭᠡᠢ 10 ᠣᠷᠴᠢᠮ ᠬᠦᠮᠦᠨ ᠢ ᠮᠣᠩᠭᠣᠯ ᠳᠤ ᠦᠯᠡᠳᠡᠭᠡᠨ ᠬᠡᠷᠡᠭ ᠢ ᠰᠢᠯᠭᠠᠬᠤ ᠠᠵᠢᠯᠯᠠᠭ᠎ᠠ ᠦᠷᠭᠦᠯᠵᠢᠯᠡᠵᠦ ᠪᠠᠶᠢᠨ᠎ᠠ᠃ ᠲᠣᠯᠣᠭᠠᠶᠢᠯᠠᠭᠴᠢ ᠶᠢᠨ ᠵᠠᠷᠢᠮ ᠢ ᠱᠠᠩᠷᠢᠯᠠ ᠵᠣᠴᠢᠳ ᠪᠠᠭᠤᠳᠠᠯ ᠠᠴᠠ ᠰᠠᠭᠠᠲᠠᠭᠤᠯᠤᠭᠰᠠᠨ ᠪᠣᠯ ᠨᠢᠭᠡ ᠨᠢ ︽ᠭᠤᠷᠪᠠᠨ ᠭᠠᠯ︾ ᠬᠤᠳᠠᠯᠳᠤᠭᠠᠨ ᠤ ᠲᠥᠪ ᠣᠷᠴᠢᠮ ᠳ᠋ᠡᠬᠢ ᠣᠷᠣᠨ ᠰᠠᠭᠤᠴᠠᠨ ᠠᠴᠠ ᠪᠠᠨ ᠣᠷᠭᠣᠨ ᠵᠠᠶᠢᠯᠠᠭᠰᠠᠨ ᠪᠠᠶᠢᠭᠰᠠᠨ ᠢ ᠵᠠᠮ ᠤᠨ ᠡᠭᠦᠳᠡ ᠡᠴᠡ ᠠᠷᠪᠠᠳᠤᠭᠠᠷ ᠰᠠᠷ᠎ᠠ ᠶᠢᠨ 30 ᠤ 19᠄00 ᠴᠠᠭ ᠲᠤ ᠪᠠᠷᠢᠪᠴᠢᠯᠠᠵᠠᠢ᠃
ᠮᠣᠩᠭᠣᠯ ᠳᠤ ᠦᠯᠡᠳᠡᠭᠡᠨ ᠰᠢᠯᠭᠠᠵᠤ ᠪᠤᠢ 10 ᠣᠷᠴᠢᠮ ᠬᠦᠮᠦᠨ ᠦ ᠭᠤᠷᠪᠠ ᠨᠢ ᠮᠣᠩᠭᠣᠯ ᠤᠯᠤᠰ ᠤᠨ ᠢᠷᠭᠡᠨ ᠪᠠᠶᠢᠭ᠎ᠠ ᠶᠢ ᠡᠬᠢ ᠰᠤᠷᠪᠤᠯᠵᠢ ᠨᠤᠭᠤᠳ ᠮᠡᠳᠡᠭᠡᠯᠡᠯ᠎ᠡ᠃ ᠨᠤᠲᠤᠭ ᠪᠤᠴᠠᠭᠰᠠᠨ ᠬᠢᠲᠠᠳ ᠤᠳ ᠤᠨ ᠥᠨᠳᠥᠷ ᠬᠦᠴᠦᠨ ᠴᠢᠳᠠᠯ ᠪᠦᠬᠦᠢ 1000 ᠣᠷᠴᠢᠮ ᠺᠤᠮᠫᠢᠦ᠋ᠲᠸᠷ ᠂ ᠤᠬᠠᠭᠠᠯᠢᠭ ᠭᠠᠷ ᠤᠲᠠᠰᠤ᠂ 10 ᠮᠢᠩᠭ᠎ᠠ ᠭᠠᠷᠤᠢ ᠡᠭᠦᠷ ᠦᠨ ᠬᠣᠯᠪᠣᠭᠠᠨ ᠤ ᠰᠸᠮ ᠺᠠᠷᠲ ᠤᠳ᠂ ᠣᠨᠴᠠ ᠶᠡᠬᠡ ᠬᠡᠮᠵᠢᠶᠡᠨ ᠦ ᠪᠡᠯᠡᠨ ᠮᠦᠩᠭᠦ᠂ ᠲᠠᠩᠰᠤᠭ ᠵᠡᠷᠭᠡᠯᠡᠯ ᠦᠨ ᠠᠦ᠋ᠲ᠋ᠤ᠋ ᠮᠠᠰᠢᠨ ᠨᠤᠭᠤᠳ ᠢ ᠬᠤᠷᠢᠶᠠᠨ ᠠᠪᠤᠭᠠᠳ ᠪᠠᠶᠢᠭ᠎ᠠ ᠶᠢ ᠬᠣᠯᠪᠣᠭᠳᠠᠬᠤ ᠠᠯᠪᠠᠨ ᠤ ᠬᠢᠨ ᠮᠡᠳᠡᠭᠡᠯᠡᠭᠰᠡᠨ ᠪᠢᠯᠡ᠃

ᠰᠡᠳᠬᠢᠭᠳᠡᠯ ᠦᠯᠡᠳᠡᠭᠡᠬᠦ