ᠬᠡᠦᠬᠡᠳ ᠵᠠᠯᠠᠭᠤᠴᠤᠳ ᠪᠣᠯᠤᠨ ᠢᠷᠭᠡᠳ ᠦᠨ ᠰᠠᠩᠬᠦᠦ ᠶᠢᠨ ᠪᠣᠯᠪᠠᠰᠤᠷᠠᠯ ᠢ ᠳᠡᠭᠡᠭᠰᠢᠯᠡᠭᠦᠯᠬᠦ᠂ ᠰᠠᠩᠬᠦᠦ ᠪᠡᠨ ᠲᠥᠯᠥᠪᠯᠡᠭᠡ ᠲᠡᠢ ᠤᠳᠤᠷᠢᠳᠬᠤ᠂ ᠵᠥᠪ ᠳᠠᠳᠤᠯ ᠳᠤ ᠰᠤᠷᠭᠠᠬᠤ ᠳᠤ ᠴᠢᠭᠯᠡᠨ ᠲᠡᠮᠳᠡᠭᠯᠡᠳᠡᠭ ︽ᠳᠡᠯᠡᠬᠡᠢ ᠶᠢᠨ ᠬᠤᠷᠠᠮᠳᠤᠯᠠᠯ ᠤᠨ ᠡᠳᠦᠷ︾ ᠨᠢ ︽ᠬᠡᠮᠨᠡᠶ᠎ᠡ᠂ ᠬᠤᠷᠠᠮᠲᠤᠭᠤᠯᠤᠶᠠ︾ ᠤᠷᠢᠶ᠎ᠠ ᠲᠠᠢ ᠪᠠᠷ 10 ᠳ᠋ᠤᠭᠠᠷ ᠰᠠᠷ᠎ᠠ ᠶᠢᠨ 31 ᠳᠦ ᠠᠮᠵᠢᠯᠲᠠᠲᠠᠢ ᠵᠣᠬᠢᠶᠠᠨ ᠪᠠᠶᠢᠭᠤᠯᠤᠭᠳᠠᠯ᠎ᠠ᠃ ᠡᠨᠡ ᠵᠢᠯ ᠦᠨ ᠬᠤᠪᠢ ᠳᠤ ᠮᠣᠩᠭᠣᠯ ᠪᠠᠩᠬᠢ᠂ ᠮᠣᠩᠭᠣᠯ ᠤᠨ ᠪᠠᠩᠬᠢᠨ ᠤ ᠬᠣᠯᠪᠣᠭ᠎ᠠ᠂ ᠬᠤᠯᠪᠤᠭᠠᠨ ᠤ ᠪᠦᠭᠦᠳᠡ ᠨᠠᠶᠢᠷᠠᠮᠳᠠᠬᠤ ᠭᠸᠷᠮᠡᠨ ᠤᠯᠤᠰ᠍ ᠤᠨ ᠱᠫᠠᠷᠺᠠᠰᠰᠸ ᠪᠠᠩᠬᠢᠨ ᠤ ᠮᠣᠩᠭᠣᠯ ᠳ᠋ᠡᠬᠢ ᠰᠠᠩ ᠂ ᠬᠠᠳᠠᠭᠠᠯᠠᠮᠵᠢ ᠶᠢᠨ ᠳᠠᠭᠠᠳᠬᠠᠯ ᠤᠨ ᠺᠣᠷᠫᠣᠷᠠᠼ ᠬᠠᠮᠲᠤᠷᠠᠨ ︽ᠬᠠᠷᠢᠭᠤᠴᠠᠯᠭ᠎ᠠ ᠲᠠᠢ ᠬᠠᠷᠢᠯᠴᠠᠭᠴᠢ᠂ ᠬᠠᠷᠢᠭᠤᠴᠠᠯᠭ᠎ᠠ ᠲᠠᠢ ᠪᠠᠩᠬᠢ︾ ᠠᠶᠠᠨ ᠤ ᠳᠣᠣᠷ᠎ᠠ ᠠᠷᠠᠯᠵᠢᠶᠠᠨ ᠤ ᠪᠦᠬᠦ ᠪᠠᠩᠬᠢ ᠲᠠᠢ ᠬᠠᠮᠲᠤᠷᠠᠨ ᠲᠡᠮᠳᠡᠭᠯᠡᠯ᠎ᠡ᠃
︽ᠳᠡᠯᠡᠬᠡᠢ ᠶᠢᠨ ᠬᠤᠷᠠᠮᠳᠤᠯᠠᠯ ᠤᠨ ᠡᠳᠦᠷ︾᠍ ᠢ 1924 ᠣᠨ ᠠᠴᠠ ᠬᠣᠶᠢᠰᠢ 140 ᠭᠠᠷᠤᠢ ᠤᠯᠤᠰ ᠣᠷᠣᠨ ᠠᠴᠢ ᠬᠣᠯᠪᠣᠭᠳᠠᠯ ᠥᠭᠴᠦ ᠲᠡᠮᠳᠡᠭᠯᠡᠭᠰᠡᠭᠡᠷ ᠢᠷᠡᠭᠰᠡᠨ ᠪᠠ ᠮᠣᠩᠭᠣᠯ ᠤᠯᠤᠰ ᠤᠨ ᠬᠤᠪᠢ ᠳᠤ 2012 ᠣᠨ ᠠᠴᠠ ᠮᠤᠩᠭᠤᠯ ᠤᠨ ᠪᠠᠩᠭᠢᠨ ᠤ ᠬᠤᠯᠪᠤᠭᠠᠨ ᠤ ᠰᠠᠨᠠᠭᠠᠴᠢᠯᠠᠭ᠎ᠠ ᠪᠠᠷ ᠲᠡᠮᠳᠡᠭᠯᠡᠵᠦ᠂ 2017 ᠣᠨ ᠠᠴᠠ ᠬᠣᠶᠢᠰᠢ ᠠᠷᠠᠯᠵᠢᠶᠠᠨ ᠤ ᠪᠠᠩᠬᠢ ᠨᠤᠭᠤᠳ ᠪᠣᠯᠤᠨ ᠪᠤᠰᠤᠳ ᠪᠠᠶᠢᠭᠤᠯᠤᠯᠭ᠎ᠠ ᠨᠤᠭᠤᠳ ᠬᠠᠮᠲᠤᠷᠠᠨ ᠢᠷᠭᠡᠨ ᠪᠦᠷᠢ ᠶᠢ ᠥᠪᠡᠷ ᠦᠨ ᠪᠣᠯᠤᠨ ᠡᠷᠦᠬᠡ ᠶᠢᠨ ᠰᠠᠩᠬᠦᠦ ᠪᠡᠨ ᠵᠣᠬᠢᠰᠲᠠᠢ ᠤᠳᠤᠷᠢᠳᠬᠤ ᠮᠡᠳᠡᠯᠭᠡ᠂ ᠴᠢᠳᠠᠪᠤᠷᠢ ᠪᠣᠯᠤᠨ ᠢᠲᠡᠭᠡᠯ ᠦᠨᠡᠮᠰᠢᠯᠲᠡᠢ ᠪᠠᠶᠢᠯᠭᠠᠬᠤ ᠡᠭᠦᠳᠡᠨ ᠡᠴᠡ ᠡᠨᠡ ᠡᠳᠦᠷ ᠦᠨ ᠠᠷᠭ᠎ᠠ ᠬᠡᠮᠵᠢᠶ᠎ᠡ ᠶᠢ ᠵᠣᠬᠢᠶᠠᠨ ᠪᠠᠶᠢᠭᠤᠯᠤᠭᠰᠠᠭᠠᠷ ᠢᠷᠡᠭᠰᠡᠨ ᠪᠠᠶᠢᠨ᠎ᠠ᠃