ᠡᠨᠡ ᠡᠪᠦᠯ ᠵᠤᠵᠠᠭᠠᠨ ᠴᠠᠰᠤ ᠤᠨᠠᠬᠤ ᠲᠦᠯᠦᠪᠲᠡᠢ  | News.MN

ᠡᠨᠡ ᠡᠪᠦᠯ ᠵᠤᠵᠠᠭᠠᠨ ᠴᠠᠰᠤ ᠤᠨᠠᠬᠤ ᠲᠦᠯᠦᠪᠲᠡᠢ 

ᠬᠣᠪᠳᠣ ᠠᠶᠢᠮᠠᠭ ᠤᠨ ᠮᠠᠩᠬᠠᠨ᠂ ᠪᠤᠶᠠᠨᠲᠤ᠂ ᠮᠥᠰᠦᠲᠦ᠂ ᠠᠯᠲᠠᠢ᠂ ᠦᠶᠡᠩᠴᠢ ᠰᠤᠮᠤ ᠶᠢᠨ ᠵᠠᠷᠢᠮ ᠮᠠᠯᠴᠢᠳ ᠡᠪᠦᠯ᠂ ᠬᠠᠪᠤᠷ ᠤᠨ ᠴᠠᠭ ᠠᠭᠠᠷ ᠤᠨ ᠰᠢᠨᠵᠢ ᠲᠡᠮᠳᠡᠭ ᠢ ᠥᠪᠡᠷ ᠥᠪᠡᠷ ᠦᠨ ᠠᠵᠢᠭᠯᠠᠯᠲᠠ ᠪᠠᠷ ᠲᠠᠶᠢᠯᠪᠤᠷᠢᠯᠠᠵᠤ ᠪᠠᠶᠢᠨ᠎ᠠ᠃ ᠡᠨᠡ ᠵᠤᠨ ᠨᠡᠶᠢᠲᠡ ᠨᠤᠲᠤᠭ ᠢᠶᠠᠷ ᠪᠣᠷᠣᠭ᠎ᠠ ᠬᠤᠷ᠎ᠠ ᠲᠠᠢ᠂ ᠡᠪᠡᠰᠦ ᠤᠷᠭᠤᠮᠠᠯ ᠰᠠᠶᠢᠨ ᠭᠠᠷᠤᠭᠰᠠᠨ ᠪᠣᠯᠪᠠᠴᠤ ᠮᠣᠳᠣᠷᠬᠠᠭ ᠡᠰᠢ ᠲᠡᠢ ᠤᠷᠭᠤᠮᠠᠯ ᠡᠯᠪᠡᠭ ᠤᠷᠭᠤᠵᠠᠢ᠃ ᠮᠥᠨ ᠬᠣᠭ ᠤᠨ ᠤᠷᠭᠤᠮᠠᠯ ᠭᠡᠵᠦ ᠶᠠᠷᠢᠭᠳᠠᠳᠠᠭ ᠨᠢᠭᠡ ᠨᠠᠰᠤᠲᠤ ᠬᠠᠮᠬᠤᠤᠯ᠂ ᠰᠢᠷᠠᠯᠵᠢ᠂ ᠠᠭᠢ ᠮᠠᠰᠢ ᠶᠡᠬᠡ ᠤᠷᠭᠤᠭᠰᠠᠨ᠃ ᠡᠨᠡ ᠨᠢ ᠴᠠᠰᠤ ᠶᠡᠬᠡ ᠵᠤᠵᠠᠭᠠᠨ ᠣᠷᠣᠵᠤ᠂ ᠬᠦᠢᠲᠡᠨ ᠡᠪᠦᠯ ᠪᠣᠯᠬᠤ ᠶᠢᠨ ᠰᠢᠨᠵᠢ ᠭᠡᠵᠦ ᠮᠠᠯᠴᠢᠳ ᠬᠡᠯᠡᠯ᠎ᠡ᠃  ᠪᠠᠰᠠ ᠶᠥᠷᠬᠥᠭ ᠬᠥᠮᠡᠯᠢ᠂ ᠲᠠᠭᠠᠨ᠎ᠠ᠂ ᠣᠯᠠᠨ ᠨᠠᠰᠤᠲᠤ ᠤᠷᠭᠤᠮᠠᠯ ᠵᠡᠷᠭᠡ ᠭᠠᠵᠠᠷ ᠤᠨ ᠬᠦᠷᠦᠰᠦᠨ ᠳᠦ ᠦᠷᠡᠵᠢᠯ ᠰᠢᠮ᠎ᠡ ᠲᠡᠢ ᠡᠪᠡᠰᠦ ᠤᠷᠭᠤᠬᠤ ᠪᠠᠨ ᠪᠣᠯᠢᠵᠠᠢ ᠬᠡᠮᠡᠨ ᠮᠠᠯᠴᠢᠳ ᠶᠠᠷᠢᠵᠤ ᠪᠠᠶᠢᠨ᠎ᠠ᠃ ᠡᠭᠦᠨ ᠦ ᠤᠴᠢᠷ ᠢ ᠲᠡᠳᠡ ᠲᠠᠶᠢᠯᠪᠤᠷᠢᠯᠠᠬᠤ ᠳᠤ ᠪᠠᠨ᠂ ᠪᠡᠯᠴᠢᠭᠡᠷ ᠬᠤᠪᠢᠶᠠᠷᠢ ᠲᠠᠢ ᠠᠰᠢᠭᠯᠠᠭ᠎ᠠ ᠦᠭᠡᠢ᠂ ᠮᠠᠯ ᠤᠨ ᠲᠣᠭᠠᠨ ᠤ ᠠᠷᠤ ᠠᠴᠠ ᠬᠡᠲᠦ ᠬᠥᠭᠡᠭᠡᠴᠡᠯᠳᠦᠭᠰᠡᠨ᠃ ᠤᠯᠠᠮ ᠢᠶᠠᠷ ᠴᠥᠭᠡᠨ ᠲᠣᠭᠠᠨ ᠤ ᠮᠠᠯ ᠤᠨ ᠪᠡᠯᠴᠢᠭᠡᠷ ᠢ ᠰᠢᠬᠠᠵᠤ᠂ 1500-2000 ᠮᠠᠯ ᠲᠠᠢ ᠠᠶᠢᠯ ᠢᠷᠡᠭᠡᠳ ᠬᠠᠮᠠᠷ ᠬᠠᠳᠬᠤᠬᠤ ᠡᠪᠡᠰᠦ ᠦᠭᠡᠢ ᠪᠣᠯᠭᠠᠵᠤ᠂ ᠴᠠᠭᠠᠨ ᠲᠣᠭᠣᠰᠣ ᠲᠠᠲᠠᠭᠤᠯᠬᠤ᠂ ᠭᠠᠵᠠᠷ ᠤᠨ ᠬᠥᠷᠥᠰᠥ᠂ ᠡᠪᠡᠰᠦᠨ ᠦ ᠦᠨᠳᠦᠰᠦ ᠶᠢ ᠪᠠᠷᠤᠭ ᠤᠭ ᠢᠶᠠᠷ ᠨᠢ ᠢᠳᠡᠵᠦ ᠤᠰᠠᠳᠬᠠᠵᠤ ᠪᠠᠶᠢᠭ᠎ᠠ ᠲᠠᠢ ᠬᠣᠯᠪᠣᠭᠠᠲᠠᠢ ᠭᠡᠯ᠎ᠡ᠃ ᠮᠥᠨ ᠢᠮᠠᠭ᠎ᠠ᠂ ᠠᠳᠤᠭᠤ ᠡᠪᠡᠰᠦ ᠶᠢ ᠰᠣᠷᠴᠢᠯᠠᠵᠤ ᠢᠳᠡᠳᠡᠭ ᠪᠠᠶᠢᠭᠰᠠᠨ ᠪᠣᠯ ᠣᠳᠣ ᠭᠠᠵᠠᠷ ᠤᠨ ᠬᠥᠷᠥᠰᠥ ᠶᠢ ᠪᠠᠷᠤᠭ ᠯᠠ ᠬᠣᠪᠬᠣ ᠲᠠᠲᠠᠵᠤ ᠪᠠᠶᠢᠨ᠎ᠠ᠃ ᠡᠶᠢᠮᠦ ᠡᠴᠡ ᠪᠡᠯᠴᠢᠭᠡᠷ ᠦᠨ ᠳᠠᠭᠠᠭᠠᠴᠠ ᠬᠡᠲᠦᠷᠡᠵᠦ᠂ ᠪᠡᠯᠴᠢᠭᠡᠷ ᠲᠦ ᠤᠷᠭᠤᠳᠠᠭ ᠰᠢᠮᠡᠲᠦ ᠡᠪᠡᠰᠦ ᠤᠷᠭᠤᠬᠤ ᠦᠭᠡᠢ ᠪᠠᠶᠢᠨ᠎ᠠ᠃ ᠢᠩᠭᠢᠬᠦ ᠪᠡᠷ ᠮᠠᠯᠴᠢᠳ ᠡᠪᠦᠯ ᠦᠨ ᠤᠯᠠᠷᠢᠯ ᠢ ᠥᠩ ᠲᠡᠢ ᠳᠠᠪᠠᠬᠤ᠂ ᠴᠢᠨᠠᠭᠰᠢᠯᠠᠭᠠᠳ ᠨᠢᠭᠡᠨᠲᠡ ᠳᠣᠷᠣᠶᠢᠲᠠᠭᠰᠠᠨ ᠪᠡᠯᠴᠢᠭᠡᠷ ᠢ ᠰᠡᠷᠭᠦᠭᠡᠬᠦ ᠠᠰᠠᠭᠤᠳᠠᠯ ᠳᠤ ᠰᠠᠨᠠᠭ᠎ᠠ ᠵᠣᠪᠠᠵᠤ ᠪᠠᠶᠢᠭ᠎ᠠ ᠪᠠᠨ ᠶᠠᠷᠢᠯ᠎ᠠ᠃
ᠡᠨᠡ ᠵᠢᠯ ᠢᠯᠡᠭᠦᠦ ᠰᠠᠷ᠎ᠠ ᠲᠠᠢ ᠨᠠᠮᠤᠷ ᠭᠡᠵᠦ ᠴᠠᠭ ᠲᠣᠭᠠᠯᠠᠯ ᠳᠤ ᠲᠣᠬᠢᠶᠠᠭᠰᠠᠨ ᠬᠡᠳᠦᠢ ᠴᠤ ᠠᠯᠪᠠᠨ ᠤ ᠡᠬᠢ ᠰᠤᠷᠪᠤᠯᠵᠢ᠂ ᠮᠠᠯᠴᠢᠳ ᠤᠨ ᠥᠪᠡᠷᠰᠡᠳ ᠦᠨ ᠠᠵᠢᠭᠯᠠᠯᠲᠠ ᠪᠠᠷ ᠨᠠᠮᠤᠷ ᠤᠨ ᠰᠠᠷ᠎ᠠ ᠳᠤ ᠨᠠᠯᠠᠶᠢᠵᠤ᠂ ᠴᠠᠭ ᠠᠯᠳᠠᠯ ᠦᠭᠡᠢ ᠡᠪᠦᠯ᠂ ᠬᠠᠪᠤᠷ ᠲᠤ ᠪᠠᠨ ᠰᠠᠶᠢᠲᠤᠷ ᠪᠡᠯᠡᠳᠬᠦ ᠨᠢ ᠴᠢᠬᠤᠯᠠ ᠭᠡᠵᠦ ᠰᠠᠯᠪᠤᠷᠢ ᠶᠢᠨ ᠮᠡᠷᠭᠡᠵᠢᠯᠲᠡᠨ ᠨᠦᠭᠦᠳ ᠠᠩᠬᠠᠷᠤᠭᠤᠯᠤᠯ᠎ᠠ᠃ ᠮᠥᠨ ᠡᠨᠡ ᠵᠢᠯ ᠦᠲᠦᠭ ᠪᠠᠭᠤᠴᠠ ᠬᠠᠷ᠎ᠠ ᠪᠠᠲᠠᠭᠠᠨ᠎ᠠ ᠶᠡᠬᠡ ᠲᠡᠢ ᠪᠥᠭᠡᠳ ᠬᠣᠷᠣᠬᠠᠢ ᠶᠡᠬᠡ ᠭᠠᠷᠤᠭᠰᠠᠨ᠃ ᠡᠨᠡ ᠰᠢᠨᠵᠢ ᠲᠡᠮᠳᠡᠭ ᠨᠢ ᠬᠠᠴᠢᠭ᠂ ᠬᠠᠮᠠᠭᠤ ᠭᠡᠬᠦ ᠮᠡᠲᠦ ᠡᠪᠡᠳᠴᠢᠨ ᠭᠠᠷᠬᠤ ᠮᠠᠭᠠᠳᠯᠠᠯ ᠲᠠᠢ ᠶᠢ ᠬᠠᠷᠠᠭᠤᠯᠵᠤ ᠪᠠᠶᠢᠨ᠎ᠠ᠃ ᠲᠡᠶᠢᠮᠦ ᠡᠴᠡ ᠮᠠᠯ ᠤᠨ ᠡᠷᠡᠭᠦᠯ ᠮᠡᠨᠳᠦ ᠳᠦ ᠠᠩᠬᠠᠷᠴᠤ ᠠᠵᠢᠯᠯᠠᠪᠠᠯ ᠵᠣᠬᠢᠮᠵᠢᠲᠠᠢ ᠭᠡᠵᠦ ᠠᠬᠠᠮᠠᠳ ᠮᠠᠯᠴᠢᠳ ᠰᠠᠨᠠᠭᠤᠯᠵᠤ ᠪᠠᠶᠢᠪᠠ᠃

ᠰᠡᠳᠬᠢᠭᠳᠡᠯ ᠦᠯᠡᠳᠡᠭᠡᠬᠦ