ᠦᠨᠳᠦᠰᠦᠨ ᠦ ᠦᠢᠯᠡᠳᠪᠦᠷᠢ ᠳᠦ ᠬᠣᠨᠢ᠂ ᠲᠡᠮᠡᠭᠡᠨ ᠦ ᠨᠣᠣᠰᠣ ᠪᠡᠯᠡᠳᠬᠡᠨ ᠲᠤᠰᠢᠶᠠᠭᠰᠠᠨ ᠮᠠᠯᠴᠢᠨ᠂ ᠮᠠᠯ ᠪᠦᠬᠦᠢ ᠡᠲᠡᠭᠡᠳ ᠲᠦ ᠮᠥᠩᠭᠥᠨ ᠤᠷᠮᠠᠰᠢᠭᠤᠯᠤᠯ ᠣᠯᠭᠤᠵᠤ ᠡᠬᠢᠯᠡᠯ᠎ᠡ᠃ 2011-2017 ᠣᠨ ᠬᠦᠷᠲᠡᠯᠡᠬᠢ ᠬᠤᠭᠤᠴᠠᠭᠠᠨ ᠳᠤ ᠨᠡᠶᠢᠲᠡ ᠳᠦ ᠪᠡᠨ ᠳᠠᠪᠬᠤᠷᠳᠠᠭᠰᠠᠨ ᠲᠣᠭ᠎ᠠ ᠪᠠᠷ 593.7 ᠮᠢᠩᠭᠠᠨ ᠮᠠᠯᠴᠢᠨ᠂ ᠮᠠᠯ ᠪᠦᠬᠦᠢ ᠡᠲᠡᠭᠡᠳ ᠦᠨ ᠲᠤᠰᠢᠶᠠᠭᠰᠠᠨ 112.3 ᠮᠢᠩᠭᠠᠨ ᠲᠣᠨ ᠬᠣᠨᠢ᠂ ᠲᠡᠮᠡᠭᠡᠨ ᠦ ᠨᠣᠣᠰᠣᠨ ᠤ ᠤᠷᠮᠠᠰᠢᠭᠤᠯᠤᠯ ᠳᠤ 158.5 ᠲᠡᠷᠪᠤᠮ ᠲᠥᠭᠥᠷᠢᠭ ᠢ ᠮᠣᠩᠭᠣᠯ ᠪᠠᠩᠬᠢ ᠪᠠᠷ ᠳᠠᠮᠵᠢᠭᠤᠯᠤᠨ ᠣᠯᠭᠤᠭᠰᠠᠨ ᠪᠠᠶᠢᠨ᠎ᠠ᠃ ᠡᠨᠡ ᠤᠳᠠᠭ᠎ᠠ ᠳᠤ ᠲᠥᠷᠥ ᠶᠢᠨ ᠰᠠᠩ ᠠᠴᠠ ᠰᠢᠭᠤᠳ ᠮᠠᠯᠴᠢᠳ ᠤᠨ ᠨᠡᠷ᠎ᠡ ᠶᠢᠨ ᠳᠠᠩᠰᠠᠨ ᠳᠤ ᠰᠢᠯᠵᠢᠵᠦ ᠪᠠᠶᠢᠭ᠎ᠠ ᠶᠤᠮ᠃
2019 ᠣᠨ ᠤ 9 ᠳ᠋ᠤᠭᠡᠷ ᠰᠠᠷ᠎ᠠ ᠶᠢᠨ 04 ᠍ ᠳᠦ ᠵᠠᠰᠠᠭ ᠤᠨ ᠭᠠᠵᠠᠷ ︽ᠬᠣᠨᠢᠨ ᠤ ᠨᠣᠣᠰᠣ᠂ ᠲᠡᠮᠡᠭᠡᠨ ᠦ ᠨᠣᠣᠰᠣ ᠪᠡᠯᠡᠳᠬᠡᠵᠦ ᠦᠨᠳᠦᠰᠦᠨ ᠦ ᠦᠢᠯᠡᠳᠪᠦᠷᠢ ᠳᠦ ᠲᠤᠰᠢᠶᠠᠭᠰᠠᠨ ᠬᠣᠷᠰᠢᠶᠠᠨ ᠤ ᠭᠡᠰᠢᠭᠦᠨ ᠮᠠᠯᠴᠢᠨ᠂ ᠮᠠᠯ ᠪᠦᠬᠦᠢ ᠡᠲᠡᠭᠡᠳ ᠲᠦ ᠤᠷᠮᠠᠰᠢᠭᠤᠯᠤᠯ ᠣᠯᠭᠣᠬᠤ ᠲᠤᠬᠠᠢ ᠵᠢᠷᠤᠮ ︾ ᠢ ᠰᠢᠨᠡᠴᠢᠯᠡᠨ ᠪᠠᠲᠤᠯᠠᠭᠰᠠᠨ᠃ ᠨᠣᠣᠰᠣᠨ ᠤ ᠤᠷᠮᠠᠰᠢᠭᠤᠯᠤᠯ ᠣᠯᠭᠤᠭᠰᠠᠨ ᠢᠶᠠᠷ ᠮᠠᠯᠴᠢᠳ ᠤᠨ ᠣᠷᠣᠯᠭ᠎ᠠ ᠨᠡᠮᠡᠭᠳᠡᠵᠦ᠂ ᠦᠢᠯᠡᠳᠪᠦᠷᠢᠯᠡᠯ ᠦᠨ ᠬᠦᠴᠦᠨ ᠴᠢᠳᠠᠯ᠂ ᠲᠣᠭ᠎ᠠ ᠬᠡᠮᠵᠢᠶ᠎ᠡ᠂ ᠨᠡᠷ᠎ᠡ ᠲᠥᠷᠥᠯ ︵ᠲᠤᠬᠠᠶᠢᠯᠠᠪᠠᠯ᠄ ᠨᠣᠣᠰᠣᠨ ᠪᠣᠷᠳᠣᠭ᠎ᠠ᠂ ᠨᠣᠣᠰᠣᠨ ᠳᠤᠯᠠᠭᠠᠯᠭ᠎ᠠ᠂ ᠨᠣᠣᠰᠣᠨ ᠠᠴᠠ ᠨᠤᠯᠤᠤᠷ ᠢ ᠢᠯᠭᠠᠵᠤ ᠪᠦᠲᠦᠭᠡᠭᠳᠡᠬᠦᠨ ᠦᠢᠯᠡᠳᠪᠦᠷᠢᠯᠡᠬᠦ ᠭᠡᠬᠦ ᠮᠡᠲᠦ︶᠂ ᠠᠵᠢᠯ ᠤᠨ ᠪᠠᠶᠢᠷᠢ ᠶᠢ 5700 ᠬᠦᠮᠦᠨ ᠢᠶᠡᠷ ᠨᠡᠮᠡᠭᠳᠡᠭᠦᠯᠦᠭᠰᠡᠨ ᠵᠡᠷᠭᠡ ᠡᠶᠡᠷᠭᠦ ᠦᠵᠡᠭᠦᠯᠦᠯᠲᠡ ᠨᠦᠭᠦᠳ ᠭᠠᠷᠤᠭᠰᠠᠨ ᠪᠠᠶᠢᠨ᠎ᠠ᠃