ᠮᠣᠩᠭᠣᠯ ᠤᠯᠤᠰ ᠤᠨ ᠠᠷᠠᠳ ᠤᠨ ᠪᠠᠭᠰᠢ᠂ ᠭᠠᠪᠢᠶᠠᠲᠤ ᠳᠠᠰᠬᠠᠯᠵᠢᠭᠤᠯᠤᠭᠴᠢ ᠳ∙ᠪᠠᠨᠳᠢ ᠶᠢᠨ ᠨᠡᠷᠡᠮᠵᠢᠲᠦ ︽ᠣᠯᠢᠮᠫ ᠤᠨ ᠭᠠᠷᠤᠭ᠎ᠠ︾ ᠪᠠᠭ᠎ᠠ ᠨᠠᠰᠤᠨ ᠤ ᠤᠯᠤᠰ ᠤᠨ ᠠᠪᠤᠷᠭᠤ ᠰᠢᠯᠭᠠᠷᠠᠭᠤᠯᠬᠤ ᠪᠣᠺᠰ ᠤᠨ ᠲᠡᠮᠡᠴᠡᠭᠡᠨ ᠡᠴᠡ ᠤᠨᠴᠠᠭᠠᠢ ᠪᠠᠶᠢᠳᠠᠯ ᠤᠨ ᠶᠡᠷᠦᠩᠬᠡᠢ ᠭᠠᠵᠠᠷ᠍ ᠤᠨ ᠬᠠᠷᠢᠶ᠎ᠠ ︽ᠠᠪᠤᠷᠠᠭᠴᠢ︾ ᠪᠡᠶ᠎ᠡ ᠶᠢᠨ ᠲᠠᠮᠢᠷ ᠲᠧᠭᠨᠢᠭ ᠰᠫᠣᠷᠲ ᠬᠣᠷᠢᠶᠠᠨ ᠤ ᠳᠠᠰᠬᠠᠯᠵᠢᠭᠤᠯᠤᠭᠴᠢ ᠪ∙ᠡᠷᠳᠡᠨᠢᠪᠠᠶᠠᠷ ᠢᠶᠠᠷ ᠠᠬᠠᠯᠠᠭᠤᠯᠤᠭᠰᠠᠨ ᠪᠠᠭ ᠲᠠᠮᠢᠷᠴᠢᠳ 1 ᠠᠯᠲᠠ᠂ 1 ᠮᠥᠩᠭᠥ᠂ 2 ᠬᠦᠷᠡᠯ ᠮᠧᠳᠠᠯ ᠬᠦᠷᠲᠡᠯ᠎ᠡ᠃
ᠲᠣᠳᠣᠷᠠᠭᠤᠯᠪᠠᠯ᠂ 36 ᠺᠢᠯᠦᠭᠷᠡᠮ ᠤᠨ ᠵᠢᠩ ᠳᠦ ᠳ∙ᠡᠩᠬᠡᠬᠦ᠋ᠰᠡᠯᠡᠩ ᠠᠯᠲᠠ᠂ 28 ᠺᠢᠯᠦᠭᠷᠡᠮ ᠤᠨ ᠵᠢᠩ ᠳᠦ ᠸ∙ᠨᠢᠮᠠᠵᠢᠷᠭᠠᠯ ᠮᠥᠩᠭᠥ᠂ ᠢ᠊∙ᠲᠡᠮᠦᠵᠢᠨ ᠬᠦᠷᠡᠯ᠂ 30 ᠺᠢᠯᠦᠭᠷᠡᠮ ᠤᠨ ᠵᠢᠩ ᠳᠦ ᠨ∙ ᠣᠳᠬᠣᠨᠵᠢᠷᠭᠠᠯ ᠬᠦᠷᠡᠯ ᠮᠧᠳᠠᠯ ᠲᠤᠰ ᠲᠤᠰ ᠬᠦᠷᠲᠡᠭᠰᠡᠨ ᠶᠤᠮ᠃