Altaa ᠊ Sally-21 ᠲᠣᠭᠯᠠᠯᠲᠠ ᠬᠡᠨᠲᠡᠢ ᠳᠦ ᠪᠣᠯᠤᠯ᠎ᠠ  | News.MN

Altaa ᠊ Sally-21 ᠲᠣᠭᠯᠠᠯᠲᠠ ᠬᠡᠨᠲᠡᠢ ᠳᠦ ᠪᠣᠯᠤᠯ᠎ᠠ 

ᠵ∙ᠠᠯᠲᠠᠨᠴᠡᠴᠡᠭ᠂ ᠰ∙ᠰᠡᠷᠴᠢᠮ᠎ᠠ ᠨᠠᠷ ᠬᠠᠮᠲᠤᠷᠠᠭᠰᠠᠨ ︽Altaa ᠊ Sally-21︾ ᠠᠶᠠᠯᠠᠨ ᠲᠣᠭᠯᠠᠯᠲᠠ ᠪᠠᠨ ᠦᠵᠡᠭᠴᠢ ᠹᠧᠨ ᠨᠦᠭᠦᠳ ᠲᠡᠭᠡᠨ ᠲᠣᠯᠢᠯᠠᠭᠤᠯᠵᠤ ᠪᠠᠶᠢᠭ᠎ᠠ ᠪᠢᠯᠡ᠃ 09 ᠍ ᠳᠦᠭᠡᠷ ᠰᠠᠷ᠎ᠠ ᠶᠢᠨ 20  ᠠᠴᠠ ᠪᠠᠷᠠᠭᠤᠨ ᠠᠶᠢᠮᠠᠭ ᠤᠳ ᠠᠴᠠ ᠡᠬᠢᠯᠡᠭᠰᠡᠨ ᠠᠶᠠᠯᠠᠨ ᠲᠣᠭᠯᠠᠯᠲᠠ ᠲᠤᠩ ᠠᠮᠵᠢᠯᠲᠠᠲᠠᠢ ᠶᠠᠪᠤᠭᠰᠠᠭᠠᠷ 10  ᠳ᠋ᠤᠭᠠᠷ ᠰᠠᠷ᠎ᠠ ᠶᠢᠨ 26 ᠍ ᠳᠦ ᠬᠡᠨᠲᠡᠢ ᠠᠶᠢᠮᠠᠭ ᠲᠤ ᠲᠣᠭᠯᠠᠯᠲᠠ ᠪᠠᠨ ᠬᠢᠯ᠎ᠡ᠃ ᠲᠡᠳᠡ ᠥᠪᠡᠷᠰᠡᠳ ᠦᠨ ᠢᠶᠡᠨ ᠰᠢᠯᠢᠳᠡᠭ ᠤᠷᠠᠨ ᠪᠦᠲᠦᠭᠡᠯ ᠡᠴᠡ ᠳᠡᠭᠡᠵᠢᠯᠡᠨ ᠬᠦᠷᠭᠡᠭᠰᠡᠨ ᠡᠴᠡ ᠭᠠᠳᠠᠨ᠎ᠠ ᠲᠣᠭᠯᠠᠯᠲᠠ ᠶᠢᠨ ᠦᠶ᠎ᠡ ᠪᠡᠷ ᠣᠯᠠᠨ ᠭᠡᠨᠡᠳᠲᠡ ᠶᠢᠨ ᠪᠡᠯᠡᠭ ᠪᠠᠷᠢᠵᠤ ᠹᠧᠨ ᠨᠦᠭᠦᠳ ᠢᠶᠡᠨ ᠪᠠᠶᠠᠷᠯᠠᠭᠤᠯᠤᠭᠠᠳ ᠠᠮᠵᠢᠯ᠎ᠠ᠃ ᠵ∙ᠠᠯᠲᠠᠨᠴᠡᠴᠡᠭ ᠺᠢᠨᠣ᠋ ᠵᠦᠴᠦᠭᠡ ᠶᠢᠨ ᠳᠠᠭᠤᠤ ᠨᠤᠭᠤᠳ ᠢᠶᠠᠨ ᠵᠣᠩᠬᠢᠯᠠᠨ ᠬᠦᠷᠭᠡᠭᠰᠡᠨ ᠪᠤᠯ ᠰ∙ᠰᠡᠷᠴᠢᠮ᠎ᠠ ᠬᠠᠶᠢᠷ᠎ᠠ ᠶᠢᠨ ᠳᠠᠭᠤᠤ ᠨᠤᠭᠤᠳ ᠢᠶᠠᠨ ᠳᠠᠭᠤᠯᠠᠵᠤ᠂ ᠦᠵᠡᠭᠴᠢᠳ ᠢ ᠤᠶᠠᠷᠠᠭᠠᠵᠤ᠂ ᠰᠡᠷᠭᠦᠭᠡᠵᠦ᠂  ᠤᠭᠰᠢᠭᠠᠵᠤ ᠪᠠᠶᠢᠭᠰᠠᠨ ᠶᠤᠮ᠃
ᠮᠣᠩᠭᠣᠯ ᠡᠬᠡ ᠣᠷᠣᠨ ᠢᠶᠠᠨ ᠪᠦᠲᠦᠨ ᠲᠣᠭᠣᠷᠢᠵᠤ ᠪᠤᠢ ᠳᠠᠭᠤᠴᠢᠳ ᠠᠴᠠ ᠠᠩᠬᠠᠳᠠᠭᠴᠢ ᠪᠣᠯᠤᠭᠰᠠᠨ ᠲᠡᠳᠡ ᠬᠡᠨᠲᠡᠢ ᠠᠶᠢᠮᠠᠭ ᠲᠤ ᠥᠷᠨᠢᠭᠰᠡᠨ ︽ᠡᠷᠭᠢᠬᠦ ᠬᠣᠯᠪᠣᠭ᠎ᠠ-36 ︾ ᠬᠥᠭᠵᠢᠯ ᠦᠨ ᠬᠥᠲᠥᠯᠪᠦᠷᠢ ᠡᠴᠡ ᠵᠣᠬᠢᠶᠠᠨ ᠪᠠᠶᠢᠭᠤᠯᠤᠭᠰᠠᠨ ︽ᠡᠮᠡᠭᠲᠡᠶᠢᠴᠦᠳ ᠦᠨ ᠲᠥᠯᠥᠭᠡ ᠡᠮᠡᠭᠲᠡᠶᠢᠴᠦᠳ︾ ᠴᠢᠭᠤᠯᠭ᠎ᠠ ᠠᠭᠤᠯᠵᠠᠯᠲᠠ ᠳᠤ ᠬᠦᠷᠦᠯᠴᠡᠨ ᠢᠷᠡᠵᠦ ᠂ ᠡᠮᠡᠭᠲᠡᠶᠢᠴᠦᠳ ᠦᠨ ᠲᠥᠯᠥᠭᠡ ᠳᠠᠭᠤ ᠬᠣᠭᠣᠯᠠᠢ ᠨᠢ ᠪᠣᠯᠵᠤ  ᠤᠷᠤᠯᠴᠠᠭᠰᠠᠨ ᠪᠠᠶᠢᠯ᠎ᠠ ᠃

ᠰᠡᠳᠬᠢᠭᠳᠡᠯ ᠦᠯᠡᠳᠡᠭᠡᠬᠦ