ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠵᠢᠯ ᠳᠦ 1.5 ᠰᠠᠶ᠎ᠠ ᠲᠤᠨ ᠭᠠᠵᠠᠷ ᠤᠨ ᠲᠣᠰᠣ ᠪᠣᠯᠪᠠᠰᠤᠷᠠᠭᠤᠯᠬᠤ ᠦᠢᠯᠡᠳᠪᠦᠷᠢ ᠶᠢ ᠠᠰᠢᠭᠯᠠᠯᠲᠠ ᠳᠤ ᠣᠷᠣᠭᠤᠯᠬᠤ ᠪᠠᠷ ᠲᠥᠯᠥᠪᠯᠡᠵᠦ ᠪᠠᠶᠢᠭ᠎ᠠ ᠴᠤ ᠲᠦᠭᠦᠬᠡᠢ ᠡᠳ᠋ ᠍ ᠦᠨ ᠨᠡᠶᠢᠯᠡᠭᠦᠯᠦᠯᠲᠡ ᠬᠠᠩᠭᠠᠯᠲᠠ ᠦᠭᠡᠢ ᠪᠠᠶᠢᠭ᠎ᠠ ᠲᠤᠬᠠᠢ ᠮᠠᠨ ᠤ ᠰᠡᠳᠬᠦᠯᠴᠢ ᠪᠢᠴᠢᠭᠰᠡᠨ᠃ ᠲᠡᠭᠡᠪᠡᠯ᠂ ᠡᠨᠡ ᠣᠨ ᠤ ᠡᠬᠢᠨ ᠦ ᠶᠢᠰᠦᠨ ᠰᠠᠷ᠎ᠠ ᠶᠢᠨ ᠪᠠᠶᠢᠳᠠᠯ ᠢᠶᠠᠷ ᠨᠡᠶᠢᠲᠡ 4.8 ᠰᠠᠶ᠎ᠠ ᠪᠠᠷᠷᠧᠯ ᠭᠠᠵᠠᠷ ᠤᠨ ᠲᠣᠰᠣ ᠶᠢ ᠡᠺᠰᠫᠣᠷᠲ ᠲᠤ ᠭᠠᠷᠭᠠᠭᠰᠠᠨ ᠮᠡᠳᠡᠭᠡᠯᠡᠯ ᠪᠠᠶᠢᠨ᠎ᠠ᠃
ᠮᠠᠨ ᠤ ᠤᠯᠤᠰ ᠠᠴᠠ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠬᠥᠷᠥᠩᠭᠡ ᠣᠷᠣᠭᠤᠯᠤᠯᠲᠠ ᠲᠠᠢ ᠬᠣᠶᠠᠷ ᠺᠣᠮᠫᠠᠨᠢ ᠭᠠᠵᠠᠷ ᠤᠨ ᠲᠣᠰᠣ ᠣᠯᠪᠤᠷᠢᠯᠠᠵᠤ᠂ ᠡᠺᠰᠫᠣᠷᠲᠯᠠᠵᠤ ᠪᠠᠶᠢᠭ᠎ᠠ᠃ ᠡᠨᠡ ᠣᠨ ᠳᠤ ︽ᠫᠧᠲ᠋ᠷᠣ ᠴᠠᠶᠢᠨ᠎ᠠ ᠳ᠋ᠠᠴᠢᠩ ᠲᠠᠮᠰᠤᠭ︾ ᠺᠣᠮᠫᠠᠨᠢ ᠨᠢᠭᠡ ᠰᠠᠶ᠎ᠠ 50 ᠮᠢᠩᠭᠠᠨ ᠲᠣᠨ᠂ ︽ᠳ᠋ᠦᠩ ᠱᠸᠩ ︾ ᠺᠣᠮᠫᠠᠨᠢ 50 ᠮᠢᠩᠭᠠᠨ ᠲᠣᠨ ᠭᠠᠵᠠᠷ ᠤᠨ ᠲᠣᠰᠣ ᠡᠺᠰᠫᠣᠷᠲᠯᠠᠬᠤ ᠪᠠᠷ ᠲᠥᠯᠥᠪᠯᠡᠭᠰᠡᠨ ᠶᠤᠮ ᠃