ᠮᠣᠩᠭᠣᠯ ᠤᠨ ᠭᠧᠣᠯᠣᠭᠢᠴᠢᠳ ᠭᠠᠵᠠᠷ ᠤᠨ ᠲᠣᠰᠣ ᠢᠯᠡᠷᠡᠭᠦᠯᠦᠯ᠎ᠡ  | News.MN

ᠮᠣᠩᠭᠣᠯ ᠤᠨ ᠭᠧᠣᠯᠣᠭᠢᠴᠢᠳ ᠭᠠᠵᠠᠷ ᠤᠨ ᠲᠣᠰᠣ ᠢᠯᠡᠷᠡᠭᠦᠯᠦᠯ᠎ᠡ 

ᠦᠨᠳᠦᠰᠦᠨ ᠦ ᠬᠥᠷᠥᠩᠭᠡ ᠣᠷᠣᠭᠤᠯᠤᠯᠲᠠ ᠲᠠᠢ ᠫᠧᠲ᠋ᠷᠣ᠋ ᠮᠠᠲᠠᠳ ᠯᠢᠮᠢᠲᠸᠳ᠋ ᠺᠣᠮᠫᠠᠨᠢ ᠶᠢᠨ ᠬᠠᠶᠢᠭᠤᠯ ᠤᠨ  ᠴᠣᠨᠣᠭ ᠤᠨ 2834 ᠮᠧᠲ᠋ᠷ ᠦᠨ ᠭᠦᠨ ᠡᠴᠡ ᠭᠠᠵᠠᠷ ᠤᠨ ᠲᠣᠰᠣ ᠢᠯᠡᠷᠡᠭᠰᠡᠨ ᠪᠠᠶᠢᠨ᠎ᠠ᠃ ᠡᠨᠡ ᠨᠢ ᠮᠣᠩᠭᠣᠯ ᠤᠨ ᠭᠧᠣᠯᠣᠭᠢᠴᠢᠳ  ᠬᠤᠶᠠᠳᠠᠬᠢ ᠤᠳᠠᠭ᠎ᠠ ᠪᠤᠶᠤ 79 ᠵᠢᠯ ᠦᠨ ᠳᠠᠷᠠᠭ᠎ᠠ ᠭᠠᠵᠠᠷ ᠤᠨ ᠲᠣᠰᠣ ᠢᠯᠡᠷᠡᠭᠦᠯᠦᠭᠰᠡᠨ ᠲᠣᠬᠢᠶᠠᠯᠳᠤᠯ ᠪᠣᠯᠵᠤ ᠪᠠᠶᠢᠨ᠎ᠠ ᠭᠡᠵᠦ ᠠᠰᠢᠭᠲᠤ ᠮᠠᠯᠲᠠᠮᠠᠯ ᠤᠨ ᠭᠠᠵᠠᠷ  ᠠᠴᠠ ᠮᠡᠳᠡᠭᠡᠯᠡᠯ᠎ᠡ᠃
ᠠᠩᠬ᠎ᠠ 1940 ᠣᠨ ᠤ 12 ᠳ᠋ᠤᠭᠠᠷ ᠰᠠᠷ᠎ᠠ ᠳᠤ ᠭᠧᠣᠯᠣᠭᠢᠴᠢ᠂ ᠳ᠋ᠣᠺᠲ᠋ᠣᠷ ᠵ∙ᠳᠤᠭᠠᠷᠰᠦ᠋ᠷᠦᠩ ᠬᠠᠭᠤᠴᠢᠨ ᠵᠥᠪᠯᠡᠯᠲᠦ ᠬᠣᠯᠪᠣᠭᠠᠲᠤ ᠤᠯᠤᠰ ᠤᠨ ᠭᠧᠣᠯᠣᠭᠢᠴᠢ ᠶᠦ᠊∙ᠰ∙ᠵᠸᠯᠤᠪᠤᠤᠰᠺᠢ ᠶᠢᠨ ᠬᠠᠮᠲᠤ ᠳᠣᠷᠣᠨᠠᠭᠣᠪᠢ ᠶᠢᠨ ᠰᠠᠪᠠ ᠭᠠᠵᠠᠷ ᠲᠤ᠂ ᠵᠡᠭᠦᠨ ᠪᠠᠶᠠᠨ ᠤ ᠪᠠᠷᠤᠭᠰᠢᠭᠤᠨ ᠲᠣᠯᠣᠭᠠᠢ ᠠᠴᠠ ᠭᠠᠵᠠᠷ ᠤᠨ ᠲᠣᠰᠤᠨ ᠤ ᠣᠷᠳᠣ ᠶᠢ ᠢᠯᠡᠷᠡᠭᠦᠯᠵᠦ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ