ᠰᠠᠮᠪᠣ ᠪᠥᠬᠡ ᠶᠢᠨ ᠵᠠᠯᠠᠭᠤᠴᠤᠳ ᠤᠨ ᠪᠣᠯᠤᠨ ᠥᠰᠪᠦᠷᠢ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦᠽᠪᠸᠺᠰᠲ᠋ᠠᠨ ᠤᠯᠤᠰ ᠤᠨ ᠨᠡᠶᠢᠰᠯᠡᠯ ᠲᠠᠱᠺᠧᠨᠲ ᠬᠤᠲᠠ ᠳᠤ ᠪᠣᠯᠵᠤ ᠂ ᠵᠠᠯᠠᠭᠤᠴᠤᠳ ᠤᠨ ᠡᠮᠡᠭᠲᠡᠢ ᠠᠩᠭᠢᠯᠠᠯ ᠤᠨ 48 ᠺᠢᠯᠦᠭᠷᠡᠮ ᠤᠨ ᠵᠢᠩ ᠳᠦ ᠪ∙ᠪᠠᠰᠠᠩᠬᠦᠦ᠂ 62 ᠺᠢᠯᠦᠭᠷᠡᠮ ᠳᠦ ᠣ᠊∙ᠰᠠᠷᠠᠭᠤᠯ ᠨᠠᠷ ᠠᠯᠲᠠ᠂ 44 ᠺᠢᠯᠦᠭᠷᠡᠮ ᠳᠦ ᠭ∙ᠪᠦᠷᠢᠨᠪᠠᠶᠠᠷ ᠬᠦᠷᠡᠯ ᠮᠧᠳᠠᠯ ᠲᠤᠰ ᠲᠤᠰ ᠬᠦᠷᠲᠡᠵᠡᠢ ᠃ ᠮᠥᠨ ᠵᠠᠯᠠᠭᠤᠴᠤᠳ ᠤᠨ ᠡᠷᠡᠭᠲᠡᠢ ᠠᠩᠭᠢᠯᠠᠯ ᠤᠨ 57 ᠺᠢᠯᠦᠭᠷᠡᠮ ᠳᠦ ᠠ᠊∙ᠬᠠᠲᠤᠨᠰᠠᠶᠢᠬᠠᠨ᠂ 62 ᠺᠢᠯᠦᠭᠷᠡᠮ ᠳᠦ ᠪ∙ᠡᠨᠡᠪᠢᠰᠢ᠂ +100 ᠺᠢᠯᠦᠭᠷᠡᠮ ᠳᠦ ᠮ∙ᠭᠠᠩᠲᠤᠯᠭ᠎ᠠ ᠨᠠᠷ ᠲᠤᠰ ᠲᠤᠰ ᠮᠥᠩᠭᠥᠨ ᠮᠧᠳᠠᠯ ᠬᠦᠷᠲᠡᠭᠰᠡᠨ ᠪᠠᠶᠢᠨ᠎ᠠ᠃
ᠥᠰᠪᠦᠷᠢ ᠶᠢᠨ ᠰᠠᠮᠪᠣᠴᠢᠳ ᠠᠴᠠ ᠣᠬᠢᠳ ᠤᠨ 44 ᠺᠢᠯᠦᠭᠷᠡᠮ ᠳᠦ ᠰ∙ᠭᠦᠨᠵᠢᠨᠯᠾᠬᠠᠮ ᠂ 48 ᠺᠢᠯᠦᠭᠷᠡᠮ ᠳᠦ ᠡ᠊∙ᠬᠦᠰᠡᠯᠡᠩ᠂ 52 ᠺᠢᠯᠦᠭᠷᠡᠮ ᠳᠦ ᠸ∙ᠮᠢᠭᠮᠠᠷᠵᠠᠪ᠂ 70 ᠺᠢᠯᠦᠭᠷᠡᠮ ᠳᠦ ᠠ᠊∙ ᠬᠤᠩᠭᠤᠷᠵᠤᠯᠠ ᠂ ᠬᠥᠪᠡᠭᠦᠳ ᠦᠨ 65 ᠺᠢᠯᠦᠭᠷᠡᠮ ᠳᠦ ᠪ∙ᠵᠢᠭᠵᠢᠳᠳᠣᠷᠵᠢ ᠨᠠᠷ ᠬᠦᠷᠡᠯ ᠮᠧᠳᠠᠯ ᠲᠤᠰ ᠲᠤᠰ ᠬᠦᠷᠲᠡᠵᠡᠢ᠃