ᠣᠷᠣᠰ ᠤᠨ ᠪᠤᠷᠢᠶᠠᠳ ᠤᠨ ᠨᠡᠶᠢᠰᠯᠡᠯ ᠤᠯᠠᠭᠠᠨ-ᠦᠳᠡ ᠳᠦ ᠪᠣᠯᠤᠭᠰᠠᠨ ᠪ ∙ᠪᠤᠳ᠋ᠸᠶ᠋ᠸᠪ ᠤᠨ ᠨᠡᠷᠡᠮᠵᠢᠲᠦ ᠴᠢᠯᠦᠭᠡᠲᠦ ᠪᠥᠬᠡ ᠶᠢᠨ ᠣᠯᠠᠨ ᠤᠯᠤᠰ ᠤᠨ ᠲᠡᠮᠡᠴᠡᠭᠡᠨ ᠡᠴᠡ ᠮᠣᠩᠭᠣᠯ ᠤᠯᠤᠰ ᠤᠨ ᠪᠥᠬᠡᠴᠦᠳ ᠭᠤᠷᠪᠠᠨ ᠠᠯᠲᠠ᠂ ᠭᠤᠷᠪᠠᠨ ᠮᠥᠩᠭᠥ᠂ ᠨᠢᠭᠡ ᠬᠦᠷᠡᠯ᠂ ᠨᠡᠶᠢᠲᠡ ᠳᠣᠯᠣᠭᠠᠨ ᠮᠧᠳᠠᠯ ᠬᠦᠷᠲᠡᠯ᠎ᠡ᠃ ᠬᠠᠭᠤᠴᠢᠨ ᠵᠥᠪᠯᠡᠯᠲᠦ ᠬᠣᠯᠪᠣᠭᠠᠲᠤ ᠤᠯᠤᠰ ᠤᠨ ᠰᠫᠣᠷᠲ ᠤᠨ ᠭᠠᠪᠢᠶᠠᠲᠤ ᠮᠠᠰᠲ᠋ᠸᠷ᠂ ᠪᠤᠷᠢᠶᠠᠳ ᠤᠨ ᠠᠯᠳᠠᠷᠲᠤ ᠪᠥᠬᠡ ᠪ∙ᠪᠤᠳ᠋ᠸᠶ᠋ᠸᠪ ᠨᠢ ︽ᠮᠠᠷᠲ᠋ᠢᠨᠢ-1989 ︾ ᠨᠠᠰᠤᠨ ᠳᠤ ᠬᠦᠷᠦᠭᠰᠡᠳ ᠦᠨ ᠳᠡᠯᠡᠬᠡᠢ ᠶᠢᠨ ᠠᠪᠤᠷᠭᠤ᠂ ︽ᠤᠯᠠᠭᠠᠨᠪᠠᠭᠠᠲᠤᠷ-1989︾ ᠵᠠᠯᠠᠭᠤᠴᠤᠳ ᠤᠨ ᠳᠡᠯᠡᠬᠡᠢ ᠶᠢᠨ ᠠᠪᠤᠷᠭᠤ᠂ ᠧᠦ᠋ᠷᠣᠫᠠ ᠪᠣᠯᠤᠨ ᠠᠽᠢᠶ᠎ᠠ ᠶᠢᠨ ᠠᠪᠤᠷᠭᠤ᠂ ᠲᠠᠮᠢᠷᠴᠢᠨ ᠪᠥᠭᠡᠳ ᠲᠡᠭᠦᠨ ᠦ ᠳᠡᠯᠡᠬᠡᠢ ᠶᠢᠨ ᠠᠪᠤᠷᠭᠤ ᠪᠣᠯᠤᠭᠰᠠᠨ ᠤ 30 ᠵᠢᠯ ᠦᠨ ᠣᠢ ᠶᠢᠨ ᠬᠦᠷᠢᠶᠡᠨ ᠳᠦ ᠡᠨᠡᠬᠦ ᠲᠡᠮᠡᠴᠡᠭᠡᠨ ᠢ ᠵᠣᠬᠢᠶᠠᠨ ᠪᠠᠶᠢᠭᠤᠯᠵᠠᠢ᠃ ᠣᠯᠠᠨ ᠤᠯᠤᠰ ᠤᠨ ᠤᠯᠠᠮᠵᠢᠯᠠᠯᠲᠤ ᠵᠠᠯᠠᠭᠤᠴᠤᠳ ᠤᠨ ᠠᠪᠤᠷᠭᠤ ᠰᠢᠯᠭᠠᠷᠠᠭᠤᠯᠬᠤ ᠲᠤᠰ ᠲᠡᠮᠡᠴᠡᠭᠡᠨ ᠳᠦ ᠮᠣᠩᠭᠣᠯ᠂ ᠬᠠᠰᠠᠭᠰᠲ᠋ᠠᠨ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠣᠷᠣᠰ ᠤᠨ 2000-2002 ᠣᠨ ᠳᠤ ᠲᠦᠷᠦᠭᠰᠡᠨ 200 ᠭᠠᠷᠤᠢ ᠲᠠᠮᠢᠷᠴᠢᠨ ᠡᠷᠡᠭᠲᠡᠶᠢᠴᠦᠳ ᠦᠨ 10 ᠵᠢᠩ ᠳᠦ ᠥᠷᠢᠰᠦᠯᠳᠦᠪᠡ᠃
ᠮᠣᠩᠭᠣᠯ ᠠᠴᠠ 30 ᠭᠠᠷᠤᠢ ᠲᠠᠮᠢᠷᠴᠢᠨ ᠪᠠᠷᠢᠯᠳᠤᠯ᠎ᠠ᠃ 61 ᠺᠢᠯᠦᠭᠷᠡᠮ ᠳᠦ ᠡ᠊∙ᠲᠡᠭᠦᠰᠵᠢᠷᠭᠠᠯ᠂ 65 ᠺᠢᠯᠦᠭᠷᠡᠮ ᠳᠦ ᠳ∙ᠲᠡᠩᠭᠢᠰ᠂ 74 ᠺᠢᠯᠦᠭᠷᠡᠮ ᠳᠦ ᠮ∙ᠲᠡᠮᠦᠵᠢᠨ ᠨᠠᠷ ᠠᠯᠲᠠ᠂ 65 ᠺᠢᠯᠦᠭᠷᠡᠮ ᠳᠦ ᠣ᠊ ∙ ᠮᠦᠩᠬᠡᠡᠷᠳᠡᠨᠢ᠂ 70 ᠺᠢᠯᠦᠭᠷᠡᠮ ᠳᠦ ᠪ∙ ᠮᠦᠩᠬᠡᠳᠠᠸᠠ᠂ 97 ᠺᠢᠯᠦᠭᠷᠡᠮ ᠳᠦ ᠪ∙ᠡᠩᠬᠡ-ᠣᠷᠭᠢᠯ ᠨᠠᠷ ᠲᠤᠰ ᠲᠤᠰ ᠮᠥᠩᠭᠥ᠂ 70 ᠺᠢᠯᠦᠭᠷᠡᠮ ᠳᠦ ᠠ᠊∙ᠳᠦᠯᠭᠡᠨ ᠬᠦᠷᠡᠯ ᠮᠧᠳᠠᠯ ᠬᠦᠷᠲᠡᠵᠡᠢ᠃