ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠤᠷᠢᠳᠴᠢᠯᠠᠭᠰᠠᠨ ᠱᠠᠲᠤᠨ ᠤ ᠭᠤᠷᠪᠠᠨ ᠲᠣᠭᠯᠠᠯᠲᠠ ᠶᠢ ᠠᠮᠵᠢᠯᠲᠠᠲᠠᠢ ᠳᠠᠪᠠᠭᠰᠠᠨ ᠮᠣᠩᠭᠣᠯ ᠤᠨ ᠦᠨᠳᠦᠰᠦᠨ ᠦ ᠰᠢᠭᠰᠢᠭᠡ ᠪᠠᠭ ᠳᠦᠷᠪᠡᠳᠡᠬᠢ ᠲᠣᠭᠯᠠᠯᠲᠠ ᠪᠠᠨ ᠥᠴᠥᠭᠡᠳᠦᠷ ᠺᠢᠷᠭᠢᠽ ᠤᠨ ᠡᠰᠡᠷᠭᠦ ᠬᠢᠵᠦ 2᠄1 ᠍ ᠪᠡᠷ ᠢᠯᠠᠭᠳᠠᠯ ᠬᠦᠯᠢᠶᠡᠯ᠎ᠡ᠃ ᠮᠣᠩᠭᠣᠯ ᠤᠨ ᠰᠢᠭᠰᠢᠭᠡ ᠪᠠᠭ 2017 ᠣᠨ ᠤ ᠠᠷᠪᠠᠨ ᠬᠣᠶᠠᠳᠤᠭᠠᠷ ᠰᠠᠷ᠎ᠠ ᠳᠤ ︽ᠴᠤᠨᠠᠮᠢ ᠴᠣᠮᠣ︾ ᠨᠡᠷ᠎ᠡ ᠲᠡᠢ ᠲᠡᠮᠡᠴᠡᠭᠡᠨ ᠳᠦ ᠺᠢᠷᠭᠢᠽ ᠲᠡᠢ ᠲᠠᠭᠠᠷᠠᠵᠤ ᠂ 3᠄0 ᠢᠶᠡᠷ ᠢᠯᠠᠭᠳᠠᠯ ᠬᠦᠯᠢᠶᠡᠵᠦ ᠪᠠᠶᠢᠪᠠ᠃
ᠳᠡᠯᠡᠬᠡᠢ ᠶᠢᠨ ᠴᠢᠨᠰᠠᠭᠠᠨ ᠤ 183᠍ ᠳᠦ ᠪᠢᠴᠢᠭᠳᠡᠳᠡᠭ ᠮᠣᠩᠭᠣᠯ ᠤᠨ ᠰᠢᠭᠰᠢᠭᠡ ᠪᠠᠭ ᠮᠥᠨ ᠴᠢᠨᠰᠠᠭᠠᠨ ᠤ 97 ᠳᠦ ᠪᠢᠴᠢᠭᠳᠡᠳᠡᠭ ᠺᠢᠷᠭᠢᠽ ᠤᠨ ᠰᠢᠭᠰᠢᠭᠡ ᠪᠠᠭ ᠲᠠᠢ ᠲᠡᠩᠴᠡᠭᠦᠬᠡᠨ ᠲᠣᠭᠯᠠᠯᠲᠠ ᠦᠵᠡᠭᠦᠯᠵᠦ ᠢᠯᠠᠭᠳᠠᠭᠰᠠᠨ᠃ ᠡᠶᠢᠨ ᠬᠦ ᠺᠢᠷᠭᠢᠽ ᠤᠨ ᠰᠢᠭᠰᠢᠭᠡ ᠪᠠᠭ ᠬᠤᠵᠢᠭᠰᠠᠨ ᠢᠶᠠᠷ 6 ᠣᠨᠣᠭ᠎ᠠ ᠲᠠᠢ ᠪᠣᠯᠵᠤ᠂ ᠭᠤᠤᠯᠢ ᠶᠢᠨ ᠵᠦᠷᠢᠶ᠎ᠡ ᠪᠡᠷ ᠶᠠᠫᠣᠨ ᠤ ᠰᠢᠭᠰᠢᠭᠡ ᠪᠠᠭ ᠤᠨ ᠠᠷᠤ ᠳᠤ ᠬᠣᠶᠠᠳᠤᠭᠠᠷ ᠪᠠᠶᠢᠷᠢᠨ ᠳᠤ ᠪᠢᠴᠢᠭᠳᠡᠵᠦ ᠡᠬᠢᠯᠡᠪᠡ᠃ ᠬᠠᠷᠢᠨ ᠮᠣᠩᠭᠣᠯ ᠤᠨ ᠰᠢᠭᠰᠢᠭᠡ ᠪᠠᠭ 3 ᠤᠨᠤᠭ᠎ᠠ ᠲᠠᠢ ᠪᠠᠷ ᠬᠦᠰᠦᠨᠦᠭᠲᠦ ᠶᠢᠨ ᠳᠥᠷᠪᠡᠳᠦᠭᠡᠷ ᠪᠠᠶᠢᠷᠢᠨ ᠳᠤ ᠪᠢᠷᠮᠠ ᠶᠢᠨ ᠰᠢᠭᠰᠢᠭᠡ ᠪᠠᠭ ᠤᠨ ᠳᠡᠭᠡᠷ᠎ᠡ ᠪᠢᠴᠢᠭᠳᠡᠵᠦ ᠪᠤᠢ ᠶᠤᠮ᠃