ᠮᠣᠩᠭᠣᠯ ᠤᠨ ᠰᠡᠭᠦᠯᠴᠢ ᠶᠢᠨ ᠡᠵᠡᠨ ᠬᠠᠭᠠᠨ᠂ ᠨᠠᠢᠮᠠᠳᠤᠭᠠᠷ ᠪᠣᠭᠳᠠ ᠵᠢᠪᠽᠤᠨᠳᠠᠮᠪᠠ ᠬᠤᠲᠤᠭᠲᠤ ᠠᠭᠸᠠᠩᠯᠤᠪᠰᠠᠩᠴᠤᠶᠢᠵᠢᠨᠢᠮᠠ ᠶᠢᠨ ᠮᠡᠯᠮᠡᠢ ᠭᠡᠶᠢᠭᠰᠡᠨ ᠦ 150 ᠵᠢᠯ ᠦᠨ ᠣᠢ ᠶᠢ ᠤᠭᠲᠤᠵᠤ ᠂ ︽ᠪᠤᠭᠳᠠ ᠬᠠᠭᠠᠨ 150᠄ ᠨᠣᠮ ᠪᠦᠲᠦᠭᠡᠯ ᠦᠨ ᠥᠪ ᠦᠵᠡᠰᠬᠦᠯᠡᠩ︾ ᠢ ᠳᠡᠯᠭᠡᠯ᠎ᠡ᠃ ᠪᠣᠭᠳᠠ ᠬᠠᠭᠠᠨ ᠤ ᠣᠷᠳᠣᠨ ᠮᠦᠽᠧᠢ ᠳᠦ 10.10 ᠡᠴᠡ ᠦᠵᠡᠭᠴᠢᠳ ᠦᠨ ᠬᠦᠷᠲᠡᠭᠡᠯ ᠪᠣᠯᠵᠤ ᠪᠤᠢ ᠤᠭ ᠦᠵᠡᠰᠬᠦᠯᠡᠩ ᠳᠦ ᠨᠠᠢᠮᠠᠳᠤᠭᠠᠷ ᠪᠣᠭᠳᠠ ᠵᠢᠪᠽᠤᠨᠳᠠᠮᠪᠠ ᠬᠤᠲᠤᠭᠲᠤ ᠶᠢᠨ ᠥᠪᠡᠷ ᠦᠨ ᠬᠢᠨᠢ ᠵᠣᠬᠢᠶᠠᠭᠰᠠᠨ ᠨᠣᠮ ᠪᠦᠲᠦᠭᠡᠯ ᠦᠨ ᠡᠮᠬᠢᠳᠬᠡᠯ ᠦᠨ ᠪᠠᠷ᠂ ᠪᠢᠴᠢᠮᠡᠯ ᠡᠬᠡ ᠨᠦᠭᠦᠳ᠂ ᠨᠣᠮ ᠰᠣᠨᠣᠰᠤᠭᠰᠠᠨ ᠤ ᠲᠤᠪᠶᠤᠭ᠂ ᠵᠠᠷᠢᠮ ᠵᠠᠷᠯᠢᠭ ᠯᠦᠩᠳᠦᠩ᠂ ᠱᠠᠰᠢᠨ ᠨᠣᠮ ᠢ ᠳᠡᠯᠭᠡᠷᠡᠭᠦᠯᠬᠦ ᠲᠤᠬᠠᠢ ᠳᠤ ᠪᠦᠲᠦᠭᠡᠭᠰᠡᠨ ᠬᠦᠷᠢᠶ᠎ᠡ ᠪᠠᠷ ᠤᠨ ᠭᠠᠨᠵᠤᠤᠷ᠂ ᠵᠡᠰ ᠪᠠᠷ ᠤᠨ ᠵᠠᠳᠠᠮᠪᠠ᠂ ᠬᠦᠷᠢᠶ᠎ᠡ ᠪᠠᠷ ᠤᠨ ᠳᠠᠨᠵᠤᠤᠷ ᠤᠨ ᠡᠬᠡ ᠰᠤᠳᠤᠷ ᠵᠡᠷᠭᠡ ᠨᠡᠩ ᠬᠣᠪᠣᠷ ᠰᠣᠳᠣᠨ ᠨᠣᠮ ᠰᠤᠳᠤᠷ ᠢ ᠠᠩᠬ᠎ᠠ ᠤᠳᠠᠭ᠎ᠠ ᠲᠣᠯᠢᠯᠠᠭᠤᠯᠵᠤ ᠪᠠᠶᠢᠭ᠎ᠠ ᠶᠤᠮ᠃ ᠡᠳᠡᠭᠡᠷ ᠬᠣᠪᠣᠷ ᠰᠤᠳᠤᠷ ᠪᠢᠴᠢᠭ᠂ ᠨᠣᠮ ᠪᠦᠲᠦᠭᠡᠯ ᠦᠨ ᠡᠮᠬᠢᠳᠬᠡᠯ ᠨᠢ ᠦᠵᠡᠰᠬᠦᠯᠡᠩ ᠢ ᠵᠣᠬᠢᠶᠠᠨ ᠪᠠᠶᠢᠭᠤᠯᠤᠭᠴᠢ ᠰᠤᠳᠤᠯᠤᠭᠠᠴᠢ᠂ ᠴᠤᠭᠯᠠᠭᠤᠯᠤᠭᠴᠢ ᠷ∙ᠪᠢᠮᠪᠠ ᠶᠢᠨ ᠬᠤᠪᠢ ᠶᠢᠨ ᠴᠤᠭᠯᠠᠭᠤᠯᠭ᠎ᠠ᠃
ᠡᠳᠡᠭᠡᠷ ᠰᠤᠳᠤᠷ ᠪᠢᠴᠢᠭ ᠲᠣᠪᠴᠢ ᠲᠠᠶᠢᠯᠪᠤᠷᠢ ᠲᠠᠢ ᠪᠠᠶᠢᠭ᠎ᠠ ᠨᠢ ᠦᠵᠡᠭᠴᠢᠳ ᠲᠦ ᠲᠤᠬᠠᠢ ᠶᠢᠨ ᠪᠦᠲᠦᠭᠡᠯ ᠢ ᠣᠶᠢᠯᠠᠭᠠᠬᠤ ᠳᠤ ᠢᠯᠡᠭᠦᠦ ᠳᠥᠬᠥᠮ ᠠᠵᠠᠢ᠃ ᠰᠤᠳᠤᠯᠤᠭᠠᠴᠢ ᠷ∙ᠪᠢᠮᠪᠠ᠄ ᠨᠠᠢᠮᠠᠳᠤᠭᠠᠷ ᠪᠣᠭᠳᠠ ᠵᠢᠪᠽᠤᠨᠳᠠᠮᠪᠠ ᠬᠤᠲᠤᠭᠲᠤ ᠶᠢᠨ ᠪᠢᠴᠢᠭᠰᠡᠨ ᠰᠤᠳᠤᠷ᠂ ᠨᠣᠮ ᠪᠦᠲᠦᠭᠡᠯ ᠳᠦ ᠢᠷᠡᠭᠡᠳᠦᠢ ᠳᠦ ᠨᠡᠶᠢᠭᠡᠮ ᠴᠠᠭ ᠦᠶ᠎ᠡ ᠬᠢᠭᠡᠳ ᠬᠦᠮᠦᠰ ᠶᠠᠮᠠᠷ ᠪᠠᠶᠢᠬᠤ ᠲᠠᠯ᠎ᠠ ᠪᠠᠷ ᠳᠤᠷᠠᠳᠤᠭᠰᠠᠨ ᠪᠠᠶᠢᠳᠠᠭ᠃ ᠥᠨᠥ ᠶᠢᠨ ᠨᠡᠶᠢᠭᠡᠮ ᠳᠦ ᠱᠠᠰᠢᠨ ᠳᠣᠷᠣᠶᠢᠳᠠᠵᠤ᠂ ᠬᠦᠮᠦᠰ ᠱᠠᠰᠢᠨ ᠢᠶᠠᠨ ᠦᠯᠦ ᠬᠦᠨᠳᠦᠳᠬᠡᠳᠡᠭ ᠪᠣᠯᠬᠤ ᠶᠢ ᠵᠥᠩᠨᠡᠨ ᠪᠢᠴᠢᠭᠰᠡᠨ ᠨᠢ ᠪᠤᠢ᠃ ᠯᠠᠮᠠ ᠨᠠᠷ ᠰᠠᠬᠢᠯ ᠰᠠᠨᠸᠠᠷ ᠢᠶᠠᠨ ᠰᠠᠬᠢᠵᠤ ᠶᠠᠪᠤᠬᠤ᠂ ᠨᠣᠮ ᠢᠶᠠᠨ ᠦᠵᠡᠬᠦ ᠶᠢ ᠴᠤ ᠪᠠᠰᠠ ᠨᠠᠷᠢᠨ ᠰᠤᠷᠭᠠᠭᠰᠠᠨ ᠪᠠᠶᠢᠳᠠᠭ᠃ ᠥᠨᠥᠳᠥᠷ ᠱᠠᠰᠢᠨ ᠢᠶᠠᠨ ᠳᠡᠭᠡᠳᠦᠯᠡᠬᠦ ᠦᠭᠡᠢ ᠯᠠᠮᠠ ᠨᠠᠷ ᠢ ᠦᠵᠡᠨ ᠶᠠᠳᠠᠵᠤ ᠪᠤᠢ ᠨᠢ ᠨᠡᠶᠢᠭᠡᠮ ᠴᠠᠭ ᠦᠶ᠎ᠡ ᠶᠢᠨ ᠪᠠᠶᠢᠳᠠᠯ ᠳᠣᠷᠣᠶᠢᠲᠠᠭᠰᠠᠨ ᠪᠣᠯᠬᠤ ᠶᠢᠨ ᠨᠢᠭᠡ ᠢᠯᠡᠷᠡᠯ ᠶᠤᠮ᠃ ᠦᠵᠡᠰᠬᠦᠯᠡᠩ ᠳᠦ ᠳᠡᠯᠭᠡᠭᠰᠡᠨ ᠡᠳᠡᠭᠡᠷ ᠰᠤᠳᠤᠷ ᠪᠢᠴᠢᠭ ᠦᠳ ᠪᠣᠯ ᠨᠠᠢᠮᠠᠳᠤᠭᠠᠷ ᠪᠣᠭᠳᠠ ᠵᠢᠪᠽᠤᠨᠳᠠᠮᠪᠠ ᠬᠤᠲᠤᠭᠲᠤ ᠶᠢᠨ ᠪᠢᠴᠢᠭᠰᠡᠨ ᠵᠣᠬᠢᠶᠠᠯ ᠪᠦᠲᠦᠭᠡᠯ ᠦᠳ ᠦᠨ ᠨᠢᠭᠡ ᠬᠡᠰᠡᠭ ᠨᠢ ᠶᠤᠮ ᠭᠡᠯᠡ᠃