ᠬᠦᠨᠳᠦ ᠶᠢᠨ ᠡᠷᠭᠦᠯᠲᠡ ᠶᠢᠨ 2019 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠲᠠᠶᠢᠯᠠᠨᠳ᠋ ᠲᠤ ᠪᠣᠯᠵᠤ ᠪᠠᠶᠢᠨ᠎ᠠ᠃ ᠡᠨᠡ ᠤᠳᠠᠭ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠮᠠᠨ ᠤ ᠤᠯᠤᠰ ᠠᠴᠠ ᠳᠠᠰᠬᠠᠯᠵᠢᠭᠤᠯᠤᠭᠴᠢ ᠬᠣᠣᠰᠪᠠᠶᠠᠷ ᠤᠨ ᠤᠳᠤᠷᠢᠳᠤᠯᠭ᠎ᠠ ᠳᠣᠣᠷ᠎ᠠ ᠲᠠᠪᠤᠨ ᠲᠠᠮᠢᠷᠴᠢᠨ ᠣᠷᠣᠯᠴᠠᠵᠤ ᠪᠠᠶᠢᠭ᠎ᠠ ᠠᠴᠠ ᠡᠮᠡᠭᠲᠡᠢ 55 ᠺᠢᠯᠦᠭᠷᠡᠮ ᠤᠨ ᠵᠢᠩ ᠳᠦ ᠴ∙ᠨᠢᠮᠠᠵᠤᠯᠠ᠂ ᠡᠷᠡᠭᠲᠡᠢ 67 ᠺᠢᠯᠦᠭᠷᠡᠮ ᠤᠨ ᠵᠢᠩ ᠳᠦ ᠡ᠊∙ᠮᠦᠩᠬᠡᠳᠦ᠋ᠯᠦ ᠨᠠᠷ ᠲᠡᠮᠡᠴᠡᠭᠡᠨ ᠢᠶᠡᠨ ᠥᠨᠳᠦᠷᠯᠡᠭᠦᠯᠦᠭᠡᠳ ᠪᠤᠢ ᠶᠤᠮ᠃ ᠥᠩᠭᠡᠷᠡᠭᠰᠡᠨ ᠠᠮᠠᠷᠠᠯᠲᠠ ᠶᠢᠨ ᠡᠳᠦᠷ ᠭ∙ᠠᠨᠤᠵᠢᠨ 64 ᠺᠢᠯᠦᠭᠷᠡᠮ ᠤᠨ ᠵᠢᠩ ᠳᠦ ᠥᠷᠢᠰᠦᠯᠳᠦᠯ᠎ᠡ᠃
C ᠭᠷᠦ᠋ᠪ ᠲᠦ ᠥᠷᠢᠰᠦᠯᠳᠦᠭᠰᠡᠨ ᠭᠠᠩᠵᠣᠷᠢᠭ ᠤᠨ ᠠᠨᠤᠵᠢᠨ ᠨᠡᠶᠢᠯᠡᠪᠦᠷᠢ ᠳ᠋ᠦᠩ ᠢᠶᠡᠷ 190 ᠺᠢᠯᠦᠭᠷᠡᠮ ᠢ ᠡᠷᠭᠦᠵᠦ᠂ 31 ᠳᠦᠭᠡᠷ ᠪᠠᠶᠢᠷᠢᠨ ᠳᠤ ᠣᠷᠣᠵᠠᠢ᠃ ᠲᠡᠷᠡᠪᠡᠷ ᠣᠭᠴᠣᠮ ᠡᠷᠭᠦᠯᠲᠡ ᠪᠡᠷ 87 ᠺᠢᠯᠦᠭᠷᠡᠮ ᠢ ᠡᠷᠭᠦᠭᠰᠡᠨ ᠪᠣᠯ ᠲᠦᠯᠬᠢᠯᠲᠡ ᠲᠡᠢ ᠡᠷᠭᠦᠯᠲᠡ ᠪᠡᠷ 103 ᠺᠢᠯᠦᠭᠷᠡᠮ ᠢ ᠡᠷᠭᠦᠭᠰᠡᠨ ᠪᠠᠶᠢᠨ᠎ᠠ᠃