ᠵᠠᠰᠠᠭ ᠤᠨ ᠭᠠᠵᠠᠷ ᠤᠨ ᠥᠨᠥᠳᠥᠷ ᠦᠨ ᠬᠤᠷᠠᠯᠳᠤᠭᠠᠨ ᠢᠶᠠᠷ ᠨᠣᠶᠠᠨ ᠠᠭᠤᠯᠠ ᠶᠢ ᠤᠯᠤᠰ ᠤᠨ ᠲᠤᠰᠬᠠᠢ ᠬᠠᠮᠠᠭᠠᠯᠠᠯᠲᠠ ᠳᠤ ᠠᠪᠬᠤ ᠪᠠᠷ ᠰᠢᠢᠳᠪᠦᠷᠢᠯᠡᠵᠡᠢ᠃ ᠡᠨᠡ ᠲᠠᠯ᠎ᠠ ᠪᠠᠷ ᠪᠠᠶᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠰᠠᠶᠢᠳ ᠨ∙ᠴᠡᠷᠡᠨᠪᠠᠲᠤ ᠮᠡᠳᠡᠭᠡᠯᠡᠯ ᠬᠢᠯ᠎ᠡ᠃ ᠲᠡᠷᠡᠪᠡᠷ᠄ ᠰᠡᠯᠡᠩᠭᠡ ᠠᠶᠢᠮᠠᠭ ᠤᠨ ᠮᠠᠨᠳᠤᠯ ᠰᠤᠮᠤ ᠶᠢᠨ ᠨᠤᠲᠤᠭ ᠲᠤ ᠤᠷᠤᠰᠢᠬᠤ ᠨᠣᠶᠠᠨ ᠠᠭᠤᠯᠠ ᠣᠷᠴᠢᠮ ᠤᠨ ᠭᠠᠵᠠᠷ ᠢ ᠤᠯᠤᠰ ᠤᠨ ᠲᠤᠰᠬᠠᠢ ᠬᠠᠮᠠᠭᠠᠯᠠᠯᠲᠠ ᠳᠤ ᠠᠪᠴᠤ᠂ ᠳᠠᠷᠬᠠᠨ ᠴᠠᠭᠠᠵᠠᠲᠤ ᠪᠣᠯᠭᠠᠨ ᠠᠩᠭᠢᠯᠠᠯ ᠠᠬᠢᠭᠤᠯᠬᠤ ᠪᠠᠷ ᠪᠣᠯᠤᠯ᠎ᠠ᠃ ᠨᠣᠶᠠᠨ ᠠᠭᠤᠯᠠ ᠲᠠᠢ ᠬᠣᠯᠪᠣᠭᠠᠲᠠᠢ ᠠᠰᠠᠭᠤᠳᠠᠯ ᠣᠯᠠᠨ ᠵᠢᠯ ᠶᠠᠷᠢᠭᠳᠠᠭᠰᠠᠨ᠃ ᠲᠤᠬᠠᠢ ᠶᠢᠨ ᠭᠠᠵᠠᠷ ᠲᠤ ᠲᠠᠪᠤᠨ ᠠᠵᠤ ᠠᠬᠤᠢ ᠶᠢᠨ ᠨᠢᠭᠡᠴᠡ ᠳᠦ ᠨᠡᠶᠢᠲᠡ 12 ᠲᠤᠰᠬᠠᠢ ᠵᠥᠪᠰᠢᠶᠡᠷᠡᠯ ᠣᠯᠭᠣᠭᠳᠠᠭᠰᠠᠨ ᠪᠥᠭᠡᠳ ᠵᠠᠷᠢᠮ ᠨᠢ ᠣᠳᠣ ᠴᠤ ᠦᠢᠯᠡ ᠠᠵᠢᠯᠯᠠᠭ᠎ᠠ ᠪᠠᠨ ᠶᠠᠪᠤᠭᠤᠯᠵᠤ ᠪᠠᠶᠢᠭ᠎ᠠ᠃
1995 ᠣᠨ ᠳᠤ ᠨᠣᠶᠠᠨ ᠠᠭᠤᠯᠠ ᠣᠷᠴᠢᠮ ᠤᠨ ᠭᠠᠵᠠᠷ ᠢ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠳᠤ ᠠᠪᠤᠭᠰᠠᠨ ᠪᠠᠶᠢᠬᠤ ᠳᠤ ᠯᠢᠼᠸᠨᠵ ᠳᠠᠪᠬᠤᠴᠠᠵᠤ ᠣᠯᠭᠤᠭᠰᠠᠨ ᠠᠰᠠᠭᠤᠳᠠᠯ ᠪᠠᠶᠢᠨ᠎ᠠ᠃ ᠡᠭᠦᠨ ᠢ ᠬᠠᠤᠯᠢ ᠬᠢᠨᠠᠯᠲᠠ ᠶᠢᠨ ᠪᠠᠶᠢᠭᠤᠯᠤᠯᠭ᠎ᠠ ᠳᠤ ᠰᠢᠯᠭᠠᠭᠤᠯᠤᠨ᠎ᠠ ᠭᠡᠯᠡ᠃ ᠲᠡᠭᠦᠨᠴᠢᠯᠡᠨ ᠬᠢᠨᠠᠯᠲᠠ ᠰᠢᠯᠭᠠᠯᠲᠠ ᠶᠢᠨ ᠶᠠᠪᠤᠴᠠ ᠳᠤ ᠨᠣᠶᠠᠨ ᠠᠭᠤᠯᠠ ᠶᠢᠨ ᠣᠷᠴᠢᠮ ᠳᠤ ᠬᠠᠤᠯᠢ ᠵᠥᠷᠢᠴᠡᠵᠦ ᠦᠢᠯᠡ ᠠᠵᠢᠯᠯᠠᠭ᠎ᠠ ᠶᠠᠪᠤᠭᠤᠯᠤᠭᠰᠠᠨ ᠪᠣᠯᠤᠨ ᠬᠠᠤᠯᠢ ᠪᠤᠰᠤ ᠪᠠᠷ ᠮᠠᠲ᠋ᠧᠷᠢᠶᠠᠯ ᠴᠤᠭᠯᠠᠭᠤᠯᠤᠨ ᠯᠢᠼᠧᠨᠽ ᠠᠪᠤᠭᠰᠠᠨ ᠪᠠᠶᠢᠪᠠᠯ ᠲᠤᠬᠠᠢ ᠶᠢᠨ ᠠᠵᠢᠯ ᠳᠤ ᠣᠷᠣᠯᠴᠠᠭᠰᠠᠨ ᠠᠯᠪᠠᠨ ᠲᠤᠰᠢᠶᠠᠯᠲᠠᠨ᠂ ᠬᠣᠯᠪᠣᠭᠳᠠᠬᠤ ᠠᠵᠤ ᠠᠬᠤᠢ ᠶᠢᠨ ᠨᠢᠭᠡᠴᠡ ᠳᠦ ᠬᠠᠷᠢᠭᠤᠴᠠᠯᠭ᠎ᠠ ᠬᠦᠯᠢᠶᠡᠯᠭᠡᠵᠦ᠂ ᠤᠴᠠᠷᠠᠭᠤᠯᠤᠭᠰᠠᠨ ᠬᠣᠬᠢᠷᠠᠯ ᠢ ᠲᠥᠯᠥᠭᠦᠯᠬᠦ ᠠᠵᠠᠢ ᠃