ᠲᠤᠤᠺᠢᠤ᠋ ᠶᠢᠨ ᠡᠮᠡᠭᠲᠡᠶᠢᠴᠦᠳ ᠦᠨ ᠠᠨᠠᠭᠠᠬᠤ ᠤᠬᠠᠭᠠᠨ ᠤ ᠶᠡᠬᠡ ᠰᠤᠷᠭᠠᠭᠤᠯᠢ ᠶᠢᠨ ᠭᠦᠢᠴᠡᠳᠭᠡᠬᠦ ᠵᠠᠬᠢᠷᠤᠯ ᠮᠠᠰᠠᠺᠠᠽᠤ᠋ ᠶᠠᠮᠠᠮᠠᠲ᠋ᠤ᠋ ᠶᠢ ᠲᠥᠷᠥ ᠶᠢᠨ ᠳᠡᠭᠡᠳᠦ ᠱᠠᠩᠨᠠᠯ ︽ᠠᠯᠲᠠᠨ ᠭᠠᠳᠠᠰᠤ︾ ᠣᠳᠣᠨ ᠢᠶᠠᠷ ᠱᠠᠩᠨᠠᠪᠠ᠃ ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠵᠠᠷᠯᠢᠭ ᠭᠠᠷᠭᠠᠵᠤ᠂ ᠬᠣᠶᠠᠷ ᠤᠯᠤᠰ ᠤᠨ ᠨᠠᠶᠢᠷᠠᠮᠳᠠᠯᠲᠤ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠥᠷᠭᠡᠵᠢᠭᠦᠯᠦᠨ ᠬᠥᠭᠵᠢᠭᠦᠯᠬᠦ ᠪᠣᠯᠤᠨ ᠬᠠᠪᠤᠳᠠᠷ ᠰᠤᠳᠤᠯᠤᠯ ᠤᠨ ᠰᠠᠯᠪᠤᠷᠢ ᠶᠢ ᠪᠡᠬᠢᠵᠢᠭᠦᠯᠬᠦ᠂ ᠡᠮᠴᠢ ᠮᠡᠷᠭᠡᠵᠢᠯᠲᠡᠳ ᠢ ᠰᠤᠷᠭᠠᠵᠤ ᠪᠡᠯᠡᠳᠬᠡᠬᠦ ᠦᠢᠯᠡᠰ ᠲᠦ ᠣᠷᠣᠭᠤᠯᠤᠭᠰᠠᠨ ᠬᠤᠪᠢ ᠨᠡᠮᠡᠷᠢ ᠶᠢ ᠨᠢ ᠦᠨᠡᠯᠡᠵᠦ᠂ ᠡᠶᠢᠨ ᠬᠦ ᠱᠠᠩᠨᠠᠭᠰᠠᠨ ᠪᠠᠶᠢᠨ᠎ᠠ᠃
ᠲᠤᠤᠺᠢᠤ᠋᠍ ᠶᠢᠨ ᠡᠮᠡᠭᠲᠡᠶᠢᠴᠦᠳ ᠦᠨ ᠠᠨᠠᠭᠠᠬᠤ ᠤᠬᠠᠭᠠᠨ ᠤ ᠶᠡᠬᠡ ᠰᠤᠷᠭᠠᠭᠤᠯᠢ ᠶᠢᠨ ᠭᠦᠢᠴᠡᠳᠭᠡᠬᠦ ᠵᠠᠬᠢᠷᠤᠯ᠂ ᠫᠷᠣᠹᠧᠰᠰᠣᠷ ᠮᠠᠰᠠᠺᠠᠽᠤ᠋ ᠶᠠᠮᠠᠮᠠᠲ᠋ᠤ᠋ 2008 ᠣᠨ ᠠᠴᠠ ᠬᠣᠶᠢᠰᠢ 12 ᠤᠳᠠᠭ᠎ᠠ ᠮᠣᠩᠭᠣᠯ ᠤᠯᠤᠰ ᠤᠨ ᠬᠠᠪᠤᠳᠠᠷ ᠰᠤᠳᠤᠯᠤᠯ ᠤᠨ ᠦᠨᠳᠦᠰᠦᠨ ᠦ ᠲᠥᠪ ᠦᠨ ᠮᠡᠰᠡ ᠵᠠᠰᠠᠯ ᠤᠨ ᠺᠯᠢᠨᠢᠺ ᠲᠤ ᠢᠷᠡᠵᠦ ᠠᠵᠢᠯᠯᠠᠬᠤ ᠳᠤ ᠪᠠᠨ 50 ᠭᠠᠷᠤᠢ ᠮᠣᠩᠭᠣᠯ ᠢᠷᠭᠡᠨ ᠳᠦ ᠠᠮᠵᠢᠯᠲᠠ ᠲᠠᠢ ᠮᠡᠰᠡ ᠵᠠᠰᠠᠯ᠂ ᠡᠮᠴᠢᠯᠡᠭᠡ ᠬᠢᠭᠰᠡᠨ ᠪᠥᠭᠡᠳ ᠠᠵᠢᠯ ᠤᠨ ᠪᠠᠶᠢᠷᠢᠨ ᠳᠡᠭᠡᠷᠡᠬᠢ ᠰᠤᠷᠭᠠᠯᠲᠠ ᠶᠢ ᠮᠥᠨ ᠶᠠᠪᠤᠭᠤᠯᠵᠤ᠂ ᠲᠤᠰ ᠲᠥᠪ ᠦᠨ ᠡᠯᠢᠭᠡ᠂ ᠰᠥᠰᠥ᠂ ᠨᠣᠶᠢᠷ ᠪᠤᠯᠴᠢᠷᠬᠠᠢ ᠶᠢᠨ ᠮᠡᠰᠡ ᠵᠠᠰᠠᠯ᠂ ᠬᠣᠳᠣᠭᠣᠳᠣᠨ ᠤ ᠮᠡᠰᠡ ᠵᠠᠰᠠᠯ᠂ ᠤᠯᠠᠭᠠᠨ ᠬᠣᠭᠣᠯᠠᠢ ᠶᠢᠨ ᠮᠡᠰᠡ ᠵᠠᠰᠠᠯ᠂ ᠪᠦᠳᠦᠭᠦᠨ ᠭᠡᠳᠡᠰᠦᠨ ᠦ ᠮᠡᠰᠡ ᠵᠠᠰᠠᠯ᠂ ᠡᠮᠴᠢᠯᠡᠭᠡ ᠶᠢ ᠣᠳᠣ ᠶᠢᠨ ᠲᠦᠪᠰᠢᠨ ᠳᠦ ᠬᠦᠷᠭᠡᠬᠦ ᠳᠦ ᠦᠨᠡᠲᠡᠢ ᠬᠤᠪᠢ ᠨᠡᠮᠡᠷᠢ ᠣᠷᠣᠭᠤᠯᠵᠠᠢ᠃