ᠬᠠᠯᠬ᠎ᠠ ᠭᠣᠣᠯ ᠤᠨ ᠢᠯᠠᠯᠲᠠ ᠶᠢᠨ 80 ᠵᠢᠯ ᠦᠨ ᠣᠢ ᠶᠢᠨ ᠠᠷᠭ᠎ᠠ ᠬᠡᠮᠵᠢᠶ᠎ᠡ ᠨᠦᠭᠦᠳ ᠦᠷᠭᠦᠯᠵᠢᠯᠡᠵᠦ ᠪᠠᠶᠢᠨ᠎ᠠ᠃ 2019.08.27 ᠣ 20᠄00 ᠴᠠᠭ ᠲᠤ ᠠ᠊∙ᠸ∙ᠠᠯᠸᠺᠰᠠᠨᠳ᠋ᠷᠤᠪ ᠤᠨ ᠨᠡᠷᠡᠮᠵᠢᠲᠦ ᠣᠷᠣᠰ ᠤᠨ ᠵᠡᠪᠰᠡᠭᠲᠦ ᠬᠦᠴᠦᠨ ᠦ ᠡᠷᠳᠡᠮ ᠦᠨ ᠴᠢᠭᠤᠯᠭ᠎ᠠ ᠶᠢᠨ ᠬᠢᠨ ᠳ∙ᠰᠦᠬᠡᠪᠠᠭᠠᠲᠤᠷ ᠤᠨ ᠲᠠᠯᠠᠪᠠᠢ ᠳᠤ ᠲᠣᠭᠯᠠᠯᠲᠠ ᠪᠠᠨ ᠬᠢᠬᠦ ᠪᠥᠭᠡᠳ ᠬᠦᠢ ᠳᠤᠯᠤᠭᠠᠨ ᠬᠤᠳᠳᠤᠭ ᠲᠤ ᠣᠷᠣᠰ ᠤᠨ ︽ᠣᠷᠣᠰ ᠤᠨ ᠪᠠᠭᠠᠲᠤᠷ ᠤᠳ︾ ᠪᠤᠶᠤ ᠬᠦᠨᠳᠦ ᠰᠥᠨᠥᠭᠡᠭᠴᠢ ᠰᠤ-30 СМ ᠵᠠᠭᠪᠤᠷ ᠤᠨ ᠪᠠᠶᠢᠯᠳᠤᠭᠠᠨ ᠤ ᠣᠩᠭᠣᠴᠠ ᠪᠠᠷ ᠪᠦᠷᠢᠳᠦᠭᠰᠡᠨ ᠤᠷᠠᠨ ᠨᠢᠰᠦᠯᠭᠡ ᠶᠢᠨ ᠪᠠᠭ ᠦᠵᠡᠭᠦᠯᠪᠦᠷᠢ ᠦᠵᠡᠭᠦᠯᠬᠦ ᠶᠤᠮ᠃
ᠬᠠᠷᠢᠨ ᠫᠦᠲ᠋ᠢᠨ ᠮᠠᠨ ᠤ ᠤᠯᠤᠰ ᠲᠤ ᠶᠢᠰᠦᠳᠦᠭᠡᠷ ᠰᠠᠷ᠎ᠠ ᠶᠢᠨ 2 ᠍ ᠳᠦ ᠠᠶᠢᠯᠴᠢᠯᠠᠬᠤ ᠪᠠᠷ ᠲᠥᠯᠥᠪᠯᠡᠵᠡᠢ᠃ ᠲᠡᠷᠡᠪᠡᠷ ᠡᠨᠡ ᠤᠳᠠᠭ᠎ᠠ ᠶᠢᠨ ᠠᠶᠢᠯᠴᠢᠯᠠᠯ ᠢᠶᠠᠷ ᠶᠡᠷᠦᠩᠬᠡᠶᠢᠯᠡᠭᠴᠢ ᠬ∙ᠪᠠᠲᠤᠲᠤᠯᠭ᠎ᠠ ᠲᠠᠢ ᠭᠠᠭᠴᠠᠭᠠᠷᠴᠢᠯᠠᠭᠰᠠᠨ ᠠᠭᠤᠯᠵᠠᠯᠲᠠ ᠬᠢᠵᠦ᠂ ᠬᠡᠪᠯᠡᠯ ᠦᠨ ᠬᠤᠷᠠᠯ ᠬᠢᠬᠦ ᠪᠡᠷ ᠲᠥᠯᠥᠪᠯᠡᠭᠰᠡᠨ ᠪᠠᠶᠢᠨ᠎ᠠ᠃ ᠣᠷᠣᠰ ᠤᠨ ᠶᠡᠷᠦᠩᠬᠡᠶᠢᠯᠡᠭᠴᠢ ᠮᠣᠩᠭᠣᠯ ᠳᠤ ᠨᠢᠭᠡ ᠬᠣᠨᠣᠭᠠᠳ᠂ ᠶᠢᠰᠦᠳᠦᠭᠡᠷ ᠰᠠᠷ᠎ᠠ ᠶᠢᠨ 03 ᠍ ᠤ ᠡᠳᠦᠷ ᠪᠤᠴᠠᠬᠤ ᠠᠵᠠᠢ ᠃