ᠳᠤᠷᠤᠨᠠᠭᠤᠪᠢ ᠠᠶᠢᠮᠠᠭ ᠤᠨ ᠰᠠᠶᠢᠨᠱᠠᠩᠳᠠ ᠰᠤᠮᠤ ᠶᠢᠨ ᠲᠠᠪᠤᠳᠤᠭᠠᠷ ᠪᠠᠭ ᠤᠨ ᠨᠤᠲᠤᠭ ᠵᠡᠭᠦᠨᠪᠠᠶᠠᠨ ᠤ ᠵᠠᠳᠠᠭᠠᠢ ᠲᠠᠯᠠᠪᠠᠢ ᠳᠤ ᠪᠠᠶᠢᠳᠠᠭ ᠬᠠᠭᠤᠴᠢᠨ ᠤᠰᠤᠨ ᠪᠠᠰᠰᠧᠢᠨ ᠢ ᠨᠧᠹᠲ ᠦᠨ ᠦᠢᠯᠡᠳᠪᠦᠷᠢ ᠶᠢᠨ ᠲᠡᠦᠬᠡᠲᠦ 70 ᠵᠢᠯ ᠦᠨ ᠣᠢ ᠪᠠᠷ ᠰᠡᠷᠭᠦᠭᠡᠨ ᠵᠠᠰᠠᠪᠤᠷᠢᠯᠠᠵᠤ ᠠᠰᠢᠭᠯᠠᠯᠲᠠ ᠳᠤ ᠣᠷᠣᠭᠤᠯᠤᠯ᠎ᠠ᠃ ᠵᠡᠭᠦᠨᠪᠠᠶᠠᠨ ᠳᠤ ᠭᠠᠵᠠᠷ ᠤᠨ ᠲᠣᠰᠣ ᠣᠯᠪᠤᠷᠢᠯᠠᠵᠤ ᠪᠤᠢ ︽ᠳ᠋ᠦᠩᠱᠸᠩ︾ ᠺᠤᠮᠫᠠᠨᠢ ᠶᠢᠨ ᠨᠡᠶᠢᠭᠡᠮ ᠤᠨ ᠬᠠᠷᠢᠭᠤᠴᠠᠯᠭ᠎ᠠ ᠶᠢᠨ 270 ᠰᠠᠶ᠎ᠠ ᠲᠥᠭᠥᠷᠢᠭ ᠦᠨ ᠰᠠᠩᠬᠦᠦᠵᠢᠯᠲᠡ ᠪᠡᠷ ︽ᠮᠢᠨᠦ ᠰᠠᠶᠢᠨᠱᠠᠩᠳᠠ︾ ᠺᠤᠮᠫᠠᠨᠢ ᠵᠠᠰᠠᠪᠤᠷᠢᠯᠠᠵᠤ ᠂ ᠨᠠᠢᠮᠠᠳᠤᠭᠠᠷ ᠰᠠᠷ᠎ᠠ ᠶᠢᠨ 24 ᠳᠦ ᠣᠢ ᠶᠢᠨ ᠪᠠᠶᠠᠷ ᠤᠨ ᠦᠶ᠎ᠡ ᠪᠡᠷ ᠬᠦᠯᠢᠶᠡᠯᠭᠡᠨ ᠥᠭᠭᠦᠭᠰᠡᠨ ᠶᠤᠮ᠃
ᠲᠠᠪᠢ ᠭᠠᠷᠤᠢ ᠵᠢᠯ ᠦᠨ ᠲᠡᠦᠬᠡ ᠲᠡᠢ ᠤᠰᠤᠨ ᠪᠠᠰᠰᠧᠢᠨ ᠢ ᠦᠶ᠎ᠡ ᠦᠶ᠎ᠡ ᠵᠠᠰᠠᠪᠤᠷᠢᠯᠠᠳᠠᠭ ᠴᠤ ᠬᠠᠨ᠎ᠠ ᠂ ᠤᠰᠤ ᠳᠠᠮᠵᠢᠭᠤᠯᠬᠤ ᠬᠣᠭᠣᠯᠠᠢ ᠠᠯᠢ ᠬᠡᠳᠦᠶᠢᠨ ᠮᠠᠭᠤᠳᠠᠭᠰᠠᠨ ᠲᠤᠯᠠ ᠡᠶᠢᠨ ᠳᠠᠬᠢᠨ ᠵᠠᠰᠠᠪᠤᠷᠢᠯᠠᠭᠰᠠᠨ ᠶᠤᠮ᠃ ᠨᠡᠭᠡᠭᠡᠯᠲᠡ ᠶᠢᠨ ᠦᠶ᠎ᠡ ᠪᠡᠷ ᠠᠯᠪᠠᠨ ᠤ ᠬᠢᠨ ᠬᠡᠦᠬᠡᠳ ᠵᠠᠯᠠᠭᠤᠰ ᠤᠨ ᠳᠤᠮᠳᠠ ᠤᠰᠤᠨ ᠳᠤ ᠰᠡᠯᠢᠯᠲᠡ ᠶᠢᠨ ᠲᠡᠮᠡᠴᠡᠭᠡᠨ ᠵᠣᠬᠢᠶᠠᠨ ᠪᠠᠶᠢᠭᠤᠯᠪᠠ᠃ ᠣᠯᠠᠨ ᠵᠢᠯ ᠦᠨ ᠲᠡᠦᠬᠡ ᠲᠡᠢ ᠤᠰᠤᠨ ᠪᠠᠰᠰᠧᠢᠨ ᠨᠢ ᠠᠰᠢᠭᠯᠠᠯᠲᠠ ᠳᠤ ᠣᠷᠣᠬᠤ ᠳᠤ ᠨᠤᠲᠤᠭ ᠤᠨ ᠢᠷᠭᠡᠳ᠂ ᠬᠡᠦᠬᠡᠳ ᠵᠠᠯᠠᠭᠤᠰ ᠰᠡᠳᠬᠢᠯ ᠬᠠᠩᠭᠠᠯᠤᠭᠤᠨ ᠪᠠᠶᠢᠭᠰᠠᠨ ᠪᠥᠭᠡᠳ ᠵᠠᠯᠠᠭᠤᠰ᠂ ᠬᠡᠦᠬᠡᠳ ᠦᠳ᠂ ᠬᠣᠯᠠ ᠣᠶᠢᠷ᠎ᠠ ᠠᠴᠠ ᠵᠣᠷᠢᠨ ᠢᠷᠡᠭᠰᠡᠨ ᠵᠣᠴᠢᠨ ᠭᠡᠶᠢᠴᠢᠳ ᠡᠳᠦᠷ ᠦᠨ ᠲᠤᠷᠰᠢ ᠤᠰᠤᠨ ᠳᠤ ᠱᠤᠩᠪᠠᠵᠤ ᠠᠯᠵᠢᠶᠠᠯ ᠢᠶᠠᠨ ᠲᠠᠶᠢᠯᠤᠭᠰᠠᠨ ᠶᠤᠮ᠃