ᠪᠤᠯᠠᠭᠠᠨ ᠠᠶᠢᠮᠠᠭ ᠤᠨ ᠪᠠᠶᠠᠨ ᠠᠭᠲᠠ ᠰᠤᠮᠤ ᠶᠢᠨ ᠳ∙ᠭᠠᠯᠲᠤᠸᠠᠴᠢᠷ ᠵᠠᠬᠢᠷᠤᠯ ᠲᠠᠢ ︽ᠣᠯᠣᠮ ᠦᠭᠡᠢ ᠪᠤᠯᠠᠭ︾ ᠺᠤᠮᠫᠠᠨᠢ ᠶᠢᠨ ᠬᠠᠮᠲᠤ ᠣᠯᠠᠨ ᠪᠤᠯᠠᠭ ᠤᠨ ᠡᠬᠢ ᠬᠠᠮᠠᠭᠠᠯᠠᠬᠤ ᠠᠵᠢᠯ ᠬᠢᠵᠡᠢ ᠃ ᠲᠤᠰ ᠺᠣᠮᠫᠠᠨᠢ ᠰᠢᠷᠭ᠎ᠠ ᠪᠠᠭ ᠤᠨ ᠨᠠᠷᠠᠨ ᠤ ᠪᠤᠯᠠᠭ ᠤᠨ ᠡᠬᠢ ᠶᠢ ᠬᠠᠮᠠᠭᠠᠯᠠᠨ 3.5 ᠰᠠᠶ᠎ᠠ ᠲᠥᠭᠥᠷᠢᠭ ᠢᠶᠡᠷ ᠬᠠᠰᠢᠶ᠎ᠠ ᠪᠠᠷᠢᠵᠤ᠂ ᠲᠣᠬᠢᠵᠢᠭᠤᠯᠤᠭᠰᠠᠨ ᠪᠠᠶᠢᠨ᠎ᠠ᠃
ᠬᠠᠨᠤᠢ ᠶᠢᠨ ᠷᠠᠰᠢᠶᠠᠨ ᠢ ᠲᠦᠰᠢᠭᠯᠡᠨ ᠠᠶᠠᠯᠠᠯ ᠵᠢᠭᠤᠯᠴᠢᠯᠠᠯ ᠤᠨ ᠦᠢᠯᠡᠴᠢᠯᠡᠭᠡ ᠶᠠᠪᠤᠭᠤᠯᠳᠠᠭ ︽ᠣᠯᠣᠮ ᠦᠭᠡᠢ ᠪᠤᠯᠠᠭ︾ ᠺᠣᠮᠫᠠᠨᠢ ᠨᠡᠶᠢᠭᠡᠮ ᠤᠨ ᠬᠠᠷᠢᠭᠤᠴᠠᠯᠭ᠎ᠠ ᠪᠠᠨ ᠬᠡᠷᠡᠭᠵᠢᠭᠦᠯᠦᠨ ᠬᠦᠮᠦᠨ ᠮᠠᠯ ᠤᠨ ᠤᠮᠳᠠᠨ ᠤ ᠡᠬᠢ ᠪᠤᠯᠠᠭ ᠢ ᠬᠠᠮᠠᠭᠠᠯᠠᠬᠤ ᠠᠷᠭ᠎ᠠ ᠬᠡᠮᠵᠢᠶ᠎ᠡ ᠠᠪᠤᠭᠰᠠᠨ ᠨᠢ ᠪᠠᠶᠢᠭᠠᠯᠢ ᠶᠢᠨ ᠪᠠᠶᠠᠯᠢᠭ ᠢ ᠲᠦᠰᠢᠭᠯᠡᠨ ᠦᠢᠯᠡ ᠠᠵᠢᠯᠯᠠᠭ᠎ᠠ ᠶᠠᠪᠤᠭᠤᠯᠳᠠᠭ ᠠᠵᠤ ᠠᠬᠤᠢ ᠶᠢᠨ ᠨᠢᠭᠡᠴᠡ ᠨᠦᠭᠦᠳ ᠲᠦ ᠦᠯᠢᠭᠡᠷ ᠳᠠᠭᠤᠷᠢᠶᠠᠯ ᠦᠵᠡᠭᠦᠯᠵᠦ ᠪᠠᠶᠢᠨ᠎ᠠ᠃ ᠲᠤᠬᠠᠢ ᠶᠢᠨ ᠨᠤᠲᠤᠭ ᠲᠤ ᠪᠡᠯᠴᠢᠭᠡᠷ ᠦᠨ ᠤᠰᠤᠨ ᠬᠠᠩᠭᠠᠮᠵᠢ ᠶᠢ ᠨᠡᠮᠡᠭᠳᠡᠭᠦᠯᠬᠦ ᠳᠦ ᠴᠢᠬᠤᠯᠠ ᠠᠴᠢ ᠬᠣᠯᠪᠣᠭᠳᠠᠯ ᠲᠠᠢ ᠬᠥᠷᠥᠩᠭᠡ ᠣᠷᠣᠭᠤᠯᠤᠯᠲᠠ ᠪᠣᠯᠤᠯ᠎ᠠ ᠭᠡᠵᠦ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠳ∙ᠨᠠᠷᠠᠮᠠᠨᠳᠤᠬᠤ ᠶᠠᠷᠢᠯ᠎ᠠ᠃