ᠠᠮᠧᠷᠢᠺᠠ ᠶᠢᠨ ᠶᠡᠷᠦᠩᠬᠡᠶᠢᠯᠡᠭᠴᠢ ᠳ᠋ᠤᠨᠠᠯᠳ᠋ ᠲᠷᠠᠮᠫ ᠤᠨ ᠲᠣᠮᠣ ᠬᠦᠦ ᠳ᠋ᠤᠨᠠᠯᠳ᠋ ᠲᠷᠠᠮᠫ ᠵᠸᠷ ᠮᠣᠩᠭᠣᠯ ᠳᠤ ᠢᠷᠡᠵᠡᠢ᠃ ᠲᠡᠷᠡ ᠠᠭᠤᠯᠠᠨ ᠳᠤ ᠠᠪᠠᠷᠢᠬᠤ ᠬᠣᠪᠪᠢ ᠲᠠᠢ ᠪᠥᠭᠡᠳ ᠬᠤᠪᠢ ᠶᠢᠨ ᠠᠶᠠᠯᠠᠯ ᠤᠨ ᠵᠢᠷᠤᠮ ᠢᠶᠠᠷ ᠢᠷᠡᠭᠡᠳ ᠠᠯᠲᠠᠢ ᠲᠠᠪᠤᠨ ᠪᠣᠭᠳᠠ ᠳᠦ ᠠᠪᠠᠷᠢᠬᠤ ᠪᠡᠷ ᠶᠠᠪᠤᠭᠰᠠᠨ ᠭᠡᠨ᠎ᠡ᠃
ᠡᠨᠡ ᠲᠤᠬᠠᠢ ᠭᠠᠳᠠᠭᠠᠳᠤ ᠬᠠᠷᠢᠯᠴᠠᠭᠠᠨ ᠤ ᠶᠠᠮᠤᠨ ᠠᠴᠠ ᠲᠣᠳᠣᠷᠠᠭᠤᠯᠬᠤ ᠳᠤ ᠠᠯᠪᠠᠨ ᠤ ᠡᠬᠢ ᠰᠤᠷᠪᠤᠯᠵᠢ ᠄ ᠠᠮᠧᠷᠢᠺᠠ ᠶᠢᠨ ᠶᠡᠷᠦᠩᠬᠡᠶᠢᠯᠡᠭᠴᠢ ᠳ᠋ᠤᠨᠠᠯᠳ᠋ ᠲᠷᠠᠮᠫ ᠤᠨ ᠬᠦᠦ ᠮᠣᠩᠭᠣᠯ ᠤᠯᠤᠰ ᠲᠤ ᠬᠤᠪᠢ ᠶᠢᠨ ᠠᠶᠠᠯᠠᠯ ᠢᠶᠡᠷ ᠢᠷᠡᠭᠰᠡᠨ᠃ ᠲᠡᠶᠢᠮᠦ ᠡᠴᠡ ᠠᠯᠪᠠᠨ ᠤ ᠨᠢᠭᠡ ᠴᠤ ᠠᠭᠤᠯᠵᠠᠯᠲᠠ ᠲᠣᠪᠯᠠᠭᠳᠠᠭᠠ ᠦᠭᠡᠢ᠃ ᠲᠡᠭᠦᠨ ᠢ ᠶᠠᠮᠠᠷ ᠬᠤᠭᠤᠴᠠᠭ᠎ᠠ ᠲᠠᠢ᠂ ᠬᠠᠮᠢᠭᠠᠭᠤᠷ ᠠᠶᠠᠯᠠᠬᠤ ᠲᠠᠯ᠎ᠠ ᠪᠠᠷ ᠮᠡᠳᠡᠭᠡᠯᠡᠯ ᠥᠭᠬᠦ ᠪᠣᠯᠤᠮᠵᠢ ᠦᠭᠡᠢ ᠭᠡᠯᠡ᠃