ᠮᠣᠩᠭᠣᠯ ᠤᠨ ᠦᠨᠳᠦᠰᠦᠨ ᠦ ᠮᠦᠽᠧᠢ᠂ ᠠᠮᠧᠷᠢᠺᠠ ᠶᠢᠨ ᠫᠢᠲᠰᠪᠦ᠋ᠷᠡᠭ ᠦᠨ ᠶᠡᠬᠡ ᠰᠤᠷᠭᠠᠭᠤᠯᠢ᠂ ᠠᠮᠧᠷᠢᠺᠠ ᠶᠢᠨ ᠮᠣᠩᠭᠣᠯ ᠰᠤᠳᠤᠯᠤᠯ ᠤᠨ ᠲᠥᠪ ᠲᠡᠢ ᠬᠠᠮᠲᠤᠷᠠᠨ ᠳᠠᠷᠬᠠᠳ ᠤᠨ ᠬᠣᠲᠣᠭᠣᠷ ᠤᠨ ᠰᠠᠪᠠ ᠨᠤᠲᠤᠭ ᠲᠤ ᠠᠷᠾᠸᠤᠯᠤᠭᠢ ᠶᠢᠨ ᠰᠤᠳᠤᠯᠭᠠᠨ ᠤ ︽ᠤᠮᠠᠷᠠᠳᠤ ᠮᠣᠩᠭᠣᠯ︾ ᠲᠥᠰᠥᠯ ᠢ ᠬᠠᠮᠲᠤᠷᠠᠨ ᠬᠡᠷᠡᠭᠵᠢᠭᠦᠯᠳᠡᠭ᠃ ᠲᠥᠰᠥᠯ ᠦᠨ ᠪᠠᠭ ᠤᠨ ᠡᠷᠳᠡᠮᠲᠡᠳ ᠦᠨ ᠡᠨᠡ ᠵᠤᠨ ᠤ ᠮᠠᠯᠲᠠᠯᠭ᠎ᠠ ᠶᠢᠨ ᠦᠷ᠎ᠡ ᠳ᠋ᠦᠩ ᠳᠦ ᠳᠡᠯᠡᠬᠡᠢ ᠶᠢᠨ ᠠᠷᠾᠸᠤᠯᠤᠭᠢ ᠶᠢᠨ ᠰᠢᠨᠵᠢᠯᠡᠬᠦ ᠤᠬᠠᠭᠠᠨ ᠳᠤ ᠨᠡᠭᠡᠭᠡᠯᠲᠡ ᠪᠣᠯᠬᠤᠶᠢᠴᠠ᠂ ᠮᠣᠩᠭᠣᠯ ᠤᠨ ᠡᠵᠡᠨᠲᠦ ᠭᠦᠷᠦᠨ ᠦ ᠢᠵᠠᠭᠤᠷᠲᠠᠳ ᠲᠤ ᠬᠣᠯᠪᠣᠭᠳᠠᠬᠤ ᠴᠣ ᠰᠢᠨ᠎ᠡ ᠣᠯᠳᠠᠪᠤᠷᠢ ᠨᠤᠭᠤᠳ ᠢ ᠤᠯᠵᠠᠢ᠃
ᠤᠭ ᠰᠤᠳᠤᠯᠭᠠᠨ ᠤ ᠪᠠᠭ 2018᠂ 2019 ᠣᠨ ᠳᠤ ᠬᠥᠪᠰᠥᠭᠥᠯ ᠠᠶᠢᠮᠠᠭ ᠤᠨ ᠤᠯᠠᠭᠠᠨ-ᠠᠭᠤᠯᠠ ᠰᠤᠮᠤ ᠶᠢᠨ ᠮᠤᠩᠭᠠᠷᠠᠭ ᠪᠠᠭ ᠤᠨ ᠨᠤᠲᠤᠭ ︽ᠬᠣᠷᠢᠭ︾ ᠬᠡᠮᠡᠬᠦ ᠭᠠᠵᠠᠷ ᠲᠤ ᠲᠣᠨᠣᠵᠤ ᠰᠦᠢᠳᠬᠡᠭᠳᠡᠭᠰᠡᠨ ᠮᠣᠩᠭᠣᠯ ᠤᠨ ᠡᠵᠡᠨᠲᠦ ᠭᠦᠷᠦᠨ ᠦ ᠦᠶ᠎ᠡ ᠳᠦ ᠬᠣᠯᠪᠣᠭᠳᠠᠬᠤ ᠪᠦᠯᠦᠭ ᠪᠤᠯᠠᠰᠢ ᠶᠢ ᠠᠪᠤᠷᠠᠨ ᠬᠠᠮᠠᠭᠠᠯᠠᠬᠤ᠂ ᠦᠯᠡᠳᠡᠵᠦ ᠬᠣᠴᠣᠷᠤᠭᠰᠠᠨ ᠡᠳ᠋ ᠦᠯᠦᠭ ᠦᠨ ᠵᠦᠢᠯᠡᠰ ᠢ ᠴᠤᠭᠯᠠᠭᠤᠯᠬᠤ ᠠᠵᠢᠯ ᠢ ᠬᠢᠵᠡᠢ ᠃ ᠡᠳᠡᠭᠡᠷ ᠦᠨ ᠳᠣᠲᠣᠷ᠎ᠠ 700 – 800 ᠵᠢᠯ ᠦᠨ ᠲᠡᠷᠲᠡᠭᠡ ᠮᠥᠩᠬᠡ ᠴᠡᠪᠳᠡᠭ ᠲᠦ ᠬᠥᠯᠳᠡᠭᠦᠦ ᠬᠠᠳᠠᠭᠠᠯᠠᠭᠳᠠᠭᠰᠠᠨ ᠭᠤᠷᠪᠠᠨ ᠸᠠᠭᠠᠷ ᠳᠦᠭᠦᠷᠡᠩ ᠥᠷᠥᠮ᠎ᠡ᠂ ᠨᠢᠭᠡ ᠸᠠᠭᠠᠷ ᠳᠦᠭᠦᠷᠡᠩ ᠰᠢᠷ᠎ᠠ ᠲᠣᠰᠣ ᠨᠢ ᠮᠣᠩᠭᠣᠯ ᠤᠨ ᠲᠡᠳᠦᠢ ᠦᠭᠡᠢ ᠳᠡᠯᠡᠬᠡᠢ ᠶᠢᠨ ᠠᠷᠾᠸᠦᠯᠤᠭᠢ ᠶᠢᠨ ᠰᠤᠳᠤᠯᠭᠠᠨ ᠳᠤ ᠨᠡᠩ ᠬᠣᠪᠣᠷ ᠨᠡᠭᠡᠭᠡᠯᠲᠡ ᠪᠣᠯᠵᠤ ᠪᠤᠢ ᠣᠯᠳᠠᠪᠤᠷᠢ ᠨᠤᠭᠤᠳ ᠶᠤᠮ᠃ ᠲᠡᠭᠦᠨᠴᠢᠯᠡᠨ ᠠᠯᠲᠠ᠂ ᠮᠥᠩᠭᠥ᠂ ᠲᠣᠷᠭ᠎ᠠ᠂ ᠲᠡᠮᠦᠷ᠂ ᠶᠠᠰᠤ᠂ ᠰᠢᠷᠢ᠂ ᠦᠢᠰᠦ ᠪᠡᠷ ᠬᠢᠭᠰᠡᠨ ᠣᠯᠳᠠᠪᠤᠷᠢ ᠨᠤᠭᠤᠳ ᠪᠣᠯᠤᠨ ᠬᠦᠮᠦᠨ᠂ ᠮᠠᠯ ᠤᠨ ᠶᠠᠰᠤ ᠵᠡᠷᠭᠡ ᠮᠣᠩᠭᠣᠯ ᠤᠨ ᠡᠵᠡᠨᠲᠦ ᠭᠦᠷᠦᠨ ᠦ ᠦᠶ᠎ᠡ ᠳᠦ ᠬᠣᠯᠪᠣᠭᠳᠠᠬᠤ ᠣᠯᠠᠨ ᠲᠣᠭᠠᠨ ᠤ ᠮᠠᠰᠢ ᠴᠢᠬᠤᠯᠠ ᠬᠡᠷᠡᠭᠯᠡᠭᠳᠡᠬᠦᠨ ᠢ ᠠᠪᠤᠷᠠᠨ ᠬᠠᠮᠠᠭᠠᠯᠠᠵᠤ᠂ ᠴᠤᠭᠯᠠᠭᠤᠯᠤᠭᠰᠠᠨ ᠪᠠᠶᠢᠨ᠎ᠠ᠃