ᠠᠷᠠᠳ ᠤᠨ ᠬᠤᠪᠢᠰᠬᠠᠯ ᠤᠨ 98 ᠵᠢᠯ ᠦᠨ ᠣᠢ ᠶᠢᠨ ᠦᠨᠳᠦᠰᠦᠨ ᠦ ᠶᠡᠬᠡ ᠪᠠᠶᠠᠷ ᠨᠠᠭᠠᠳᠤᠮ ᠤᠨ ᠬᠦᠴᠦᠲᠦ ᠪᠥᠬᠡ ᠶᠢᠨ ᠪᠠᠷᠢᠯᠳᠤᠭᠠᠨ ᠤ ᠰᠢᠪᠦᠭᠡ ᠶᠢᠨ 16 ᠪᠥᠬᠡ ᠡᠴᠡ ᠳ᠋ᠤᠫᠢᠨ ︵ᠰᠡᠷᠭᠦᠭᠡᠰᠢ︶ ᠤ ᠰᠢᠨᠵᠢᠯᠡᠭᠡ ᠠᠪᠤᠭᠰᠠᠨ ᠪᠢᠯᠡ᠃ ᠳ᠋ᠤᠫᠢᠨ ᠣ ᠡᠰᠡᠷᠭᠦ ᠦᠨᠳᠦᠰᠦᠨ ᠦ ᠲᠥᠪ ᠡᠴᠡ ᠪᠥᠬᠡᠴᠦᠳ ᠦᠨ ᠰᠢᠨᠵᠢᠯᠡᠭᠡᠨ ᠦ ᠬᠠᠷᠢᠭᠤ ᠶᠢ ᠪᠠᠶᠠᠷ ᠨᠠᠭᠠᠳᠤᠮ ᠤᠨ ᠵᠣᠬᠢᠶᠠᠨ ᠪᠠᠶᠢᠭᠤᠯᠬᠤ ᠬᠣᠷᠢᠶᠠᠨ ᠳᠤ ᠬᠦᠷᠭᠡᠭᠦᠯᠦᠭᠰᠡᠨ᠂ ᠬᠣᠶᠠᠷ ᠪᠥᠬᠡ ᠡᠴᠡ ᠬᠣᠷᠢᠭ᠎ᠠ ᠲᠠᠢ ᠪᠣᠳᠠᠰ ᠢᠯᠡᠷᠡᠭᠰᠡᠨ ᠭᠡᠬᠦ ᠮᠡᠳᠡᠭᠡᠯᠡᠯ ᠭᠠᠷᠤᠭᠠᠳ ᠪᠤᠢ ᠶᠤᠮ᠃
ᠤᠯᠤᠰ ᠤᠨ ᠠᠷᠰᠯᠠᠨ ᠰᠣᠳᠨᠠᠮᠳᠣᠷᠵᠢ ᠡᠨᠡ ᠲᠠᠯ᠎ᠠ ᠪᠠᠷ ᠥᠪᠡᠷ ᠦᠨ ᠪᠠᠶᠢᠷᠢ ᠰᠠᠭᠤᠷᠢ ᠶᠢ ᠢᠯᠡᠷᠬᠡᠶᠢᠯᠡᠭᠰᠡᠨ ᠪᠥᠭᠡᠳ ᠬᠣᠷᠢᠭ᠎ᠠ ᠲᠠᠢ ᠪᠣᠳᠠᠰ ᠬᠡᠷᠡᠭᠯᠡᠭᠰᠡᠨ ᠪᠥᠬᠡ ᠪᠠᠶᠢᠭ᠎ᠠ ᠪᠣᠯ ᠶᠠᠭᠠᠷᠠᠯᠲᠠᠢ ᠣᠯᠠᠨ ᠨᠡᠶᠢᠲᠡ ᠳᠦ ᠮᠡᠳᠡᠭᠡᠯᠡᠬᠦ ᠶᠢ ᠬᠦᠰᠡᠭᠰᠡᠨ ᠶᠤᠮ᠃ ᠲᠡᠷᠡ ᠪᠡᠷ᠄ ᠳ᠋ᠤᠫᠢᠨ ᠣ ᠠᠰᠠᠭᠤᠳᠠᠯ ᠢᠶᠠᠷ 2019 ᠣᠨ ᠤ ᠨᠠᠢᠮᠠᠳᠤᠭᠠᠷ ᠰᠠᠷ᠎ᠠ ᠶᠢᠨ 9 ᠍ ᠦ ᠡᠳᠦᠷ ᠨᠠᠭᠠᠳᠤᠮ ᠵᠣᠬᠢᠶᠠᠨ ᠪᠠᠶᠢᠭᠤᠯᠬᠤ ᠬᠣᠷᠢᠶᠠᠨ ᠠᠴᠠ ᠨᠠᠳᠠ ᠳ᠋ᠤ ᠲᠠᠨ ᠤ ᠰᠢᠨᠵᠢᠯᠡᠭᠡᠨ ᠦ ᠬᠠᠷᠢᠭᠤ ᠳᠤ ᠶᠠᠮᠠᠷ ᠨᠢᠭᠡᠨ ᠬᠣᠷᠢᠭ᠎ᠠ ᠲᠠᠢ ᠵᠦᠢᠯ ᠢᠯᠡᠷᠡᠭᠰᠡᠨ ᠦᠭᠡᠢ ᠭᠡᠰᠡᠨ᠃ ᠣᠳᠣ ᠪᠠᠷ ᠬᠣᠶᠠᠷ ᠪᠥᠬᠡ ᠰᠡᠷᠭᠦᠭᠡᠰᠢ ᠶᠢᠨ ᠠᠰᠠᠭᠤᠳᠠᠯ ᠲᠠᠢ ᠪᠠᠶᠢᠭ᠎ᠠ ᠶᠤᠮ ᠰᠢᠭ᠋ ᠪᠠᠶᠢᠨ᠎ᠠ᠃ ᠡᠨᠡ ᠪᠦᠬᠡᠴᠢᠳ ᠦᠨ ᠨᠡᠷ᠎ᠡ ᠶᠢ ᠵᠠᠷᠯᠠᠬᠤ ᠶᠢ ᠬᠦᠰᠡᠵᠦ ᠪᠠᠶᠢᠨ᠎ᠠ ᠭᠡᠰᠡᠨ ᠃ ᠮᠥᠨ ᠤᠯᠤᠰ ᠤᠨ ᠠᠪᠤᠷᠭᠤ ᠨ∙ᠪᠠᠲᠤᠰᠠᠭᠤᠷᠢ᠂ ᠤᠯᠤᠰ ᠤᠨ ᠠᠷᠰᠯᠠᠨ ᠫ∙ᠪᠦᠷᠢᠨᠲᠡᠭᠦᠰ᠂ ᠤᠯᠤᠰ ᠤᠨ ᠬᠠᠷᠴᠠᠭᠠᠢ ᠪ∙ᠪᠠᠲᠤ-ᠥᠯᠵᠡᠢ᠂ ᠰᠢᠨ᠎ᠡ ᠪᠡᠷ ᠤᠯᠤᠰ ᠤᠨ ᠬᠠᠷᠴᠠᠭᠠᠢ ᠴᠤᠯᠠ ᠳᠤ ᠬᠦᠷᠦᠭᠰᠡᠨ ᠪ∙ᠠᠨᠠᠷ ᠨᠠᠷ ᠪᠠᠶᠠᠷ ᠨᠠᠭᠠᠳᠤᠮ ᠤᠨ ᠵᠣᠬᠢᠶᠠᠨ ᠪᠠᠶᠢᠭᠤᠯᠬᠤ ᠬᠣᠷᠢᠶᠠᠨ ᠠᠴᠠ ᠡᠨᠡ ᠲᠤᠬᠠᠢ ᠱᠠᠭᠠᠷᠳᠠᠵᠤ ᠡᠬᠢᠯᠡᠯ᠎ᠡ᠃