ᠣᠷᠣᠰ ᠤᠨ ᠲᠥᠷᠥ ᠶᠢᠨ ᠳ᠋ᠦᠮᠠ ᠶᠢᠨ ᠭᠡᠰᠢᠭᠦᠨ ᠪᠠᠲ᠋ᠤᠷ ᠺᠠᠨᠤᠷᠣᠸᠢᠴ ᠠᠳᠤᠴᠢᠶ᠋ᠸ᠋ᠪ᠂ ᠣᠷᠣᠰ ᠤᠨ ᠡᠯᠴᠢᠨ ᠰᠠᠶᠢᠳ ᠤᠨ ᠶᠠᠮᠤᠨ ᠤ ᠨᠢᠭᠡᠳᠦᠭᠡᠷ ᠨᠠᠷᠢᠨ ᠪᠢᠴᠢᠭ ᠦᠨ ᠳᠠᠷᠤᠭ᠎ᠠ ᠳ᠋ᠸᠵᠢᠸᠤᠺᠤᠪ ᠮᠸᠷᠭᠸᠨ ᠸᠯᠠᠳᠢᠮᠢᠷᠣᠸᠢᠴ ᠲᠡᠷᠢᠭᠦᠲᠡᠢ ᠵᠣᠴᠢᠳ ᠲᠥᠯᠥᠭᠡᠯᠡᠭᠴᠢᠳ ᠡᠨᠡ ᠰᠠᠷ᠎ᠠ ᠶᠢᠨ 05- 07 ᠍ ᠳᠦ ᠤᠪᠰᠤ ᠠᠶᠢᠮᠠᠭ ᠲᠤ ᠠᠵᠢᠯ ᠤᠨ ᠠᠶᠢᠯᠴᠢᠯᠠᠯ ᠬᠢᠯ᠎ᠡ᠃ ᠠᠶᠢᠮᠠᠭ ᠤᠨ ᠵᠠᠰᠠᠭ ᠳᠠᠷᠤᠭ᠎ᠠ ᠳ∙ᠪᠠᠲᠤᠰᠠᠶᠢᠬᠠᠨ ᠣᠷᠣᠰ ᠤᠨ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠨ ᠠᠶᠢᠮᠠᠭ ᠣᠷᠣᠨ ᠨᠤᠲᠤᠭ ᠲᠤ ᠬᠢᠵᠦ ᠪᠠᠶᠢᠭ᠎ᠠ ᠬᠥᠷᠥᠩᠭᠡ ᠣᠷᠣᠭᠤᠯᠤᠯᠲᠠ᠂ ᠬᠥᠭᠵᠢᠯ ᠳᠡᠪᠰᠢᠯ᠂ ᠣᠨᠴᠠᠯᠢᠭ ᠵᠦᠢᠯᠡᠰ ᠦᠨ ᠲᠠᠯ᠎ᠠ ᠪᠠᠷ ᠮᠡᠳᠡᠭᠡᠯᠡᠯ ᠥᠭᠴᠦ ᠬᠠᠷᠢᠯᠴᠠᠨ ᠰᠠᠨᠠᠯ ᠰᠤᠯᠢᠯᠴᠠᠪᠠ᠃ ᠬᠤᠶᠠᠷ ᠲᠠᠯ᠎ᠠ ᠮᠠᠯ ᠠᠵᠤ ᠠᠬᠤᠢ ᠶᠢᠨ ᠴᠢᠭᠯᠡᠯ ᠢᠶᠡᠷ ᠬᠠᠮᠲᠤᠷᠠᠨ ᠠᠵᠢᠯᠯᠠᠬᠤ᠂ ᠬᠠᠯᠢᠮᠠᠭ ᠦᠷᠡᠵᠢᠯ ᠦᠨ ᠮᠠᠯ ᠢ ᠨᠤᠲᠤᠭᠰᠢᠭᠤᠯᠬᠤ ᠲᠥᠰᠥᠯ ᠢ ᠬᠡᠷᠡᠭᠵᠢᠭᠦᠯᠬᠦ᠂ ᠴᠢᠨᠠᠭᠰᠢᠳᠠ ᠬᠥᠳᠡᠭᠡ ᠠᠵᠤ ᠠᠬᠤᠢ ᠶᠢᠨ ᠴᠢᠭᠯᠡᠯ ᠢᠶᠡᠷ ᠬᠠᠮᠲᠤᠷᠠᠨ ᠠᠵᠢᠯᠯᠠᠬᠤ ᠲᠠᠯ᠎ᠠ ᠪᠠᠷ ᠶᠠᠷᠢᠯᠴᠠᠭᠰᠠᠨ ᠪᠥᠭᠡᠳ ︽ᠤᠪᠰᠤ ᠶᠢᠨ ᠴᠢᠴᠠᠷᠭᠠᠨ᠎ᠠ︾ ᠬᠥᠲᠥᠯᠪᠦᠷᠢ ᠶᠢ ᠬᠡᠷᠡᠭᠵᠢᠭᠦᠯᠬᠦ ᠳᠦ ᠬᠠᠮᠲᠤᠷᠠᠨ ᠠᠵᠢᠯᠯᠠᠬᠤ ᠶᠢ ᠰᠠᠨᠠᠯ ᠪᠣᠯᠭᠠᠯ᠎ᠠ᠃
ᠣᠷᠣᠰ ᠤᠨ ᠵᠤᠴᠢᠳ ᠤᠪᠰᠤ ᠠᠶᠢᠮᠠᠭ ᠤᠨ ᠪᠠᠷᠠᠭᠤᠨ ᠲᠤᠷᠤᠭᠤᠨ ᠰᠤᠮᠤ ᠳ᠋ᠡᠬᠢ ᠭᠠᠵᠠᠷ ᠲᠠᠷᠢᠶᠠᠯᠠᠩ ᠡᠷᠬᠢᠯᠡᠯᠲᠡ ᠪᠣᠯᠤᠨ ᠲᠠᠷᠢᠶᠠᠯᠠᠩ ᠰᠤᠮᠤ ᠳ᠋ᠡᠬᠢ ᠬᠠᠷᠠᠲᠤᠯᠤᠭᠠᠢ ᠶᠢᠨ ᠤᠰᠤᠵᠢᠭᠤᠯᠤᠯᠲᠠ ᠶᠢᠨ ᠰᠢᠰᠲ᠋ᠧᠮ ᠦᠨ ᠦᠢᠯᠡ ᠠᠵᠢᠯᠯᠠᠭ᠎ᠠ ᠲᠠᠢ ᠲᠠᠨᠢᠯᠴᠠᠭᠰᠠᠨ ᠠᠴᠠ ᠭᠠᠳᠠᠨ᠎ᠠ ᠲᠥᠯᠥᠭᠡᠯᠡᠭᠴᠢᠳ ᠦᠨ ᠬᠠᠮᠲᠤ ᠲᠦᠷᠭᠡᠨ ᠰᠤᠮᠤ ᠶᠢᠨ ︽ᠣᠷᠣᠰᠢᠨ ᠲᠣᠭᠲᠠᠨᠢᠬᠤᠢ︾ ᠵᠢᠭᠤᠯᠴᠢᠨ ᠤ ᠪᠠᠭᠠᠽ ᠳᠤ ᠪᠣᠯᠤᠭᠰᠠᠨ ︽ᠣᠶᠢᠷᠠᠳ ᠲᠦᠮᠡᠨ-2019︾ ᠣᠯᠠᠨ ᠤᠯᠤᠰ ᠤᠨ ᠢᠵᠠᠭᠤᠷ ᠰᠤᠶᠤᠯ᠂ ᠤᠷᠠᠯᠢᠭ ᠤᠨ ᠶᠡᠬᠡ ᠨᠠᠭᠠᠳᠤᠮ ᠳᠤ ᠤᠷᠢᠯᠭ᠎ᠠ ᠪᠠᠷ ᠤᠷᠤᠯᠴᠠᠪᠠ᠃