ᠭᠣᠪᠢ-ᠠᠯᠲᠠᠢ ᠠᠶᠢᠮᠠᠭ ᠤᠨ ᠬᠠᠯᠢᠭᠤᠨ ᠰᠤᠮᠤ ᠶᠢᠨ ᠲᠡᠦᠬᠡᠲᠦ 60 ᠵᠢᠯ ᠦᠨ ᠣᠢ ᠶᠢᠨ ᠪᠠᠶᠠᠷ ᠨᠠᠭᠠᠳᠤᠮ ᠳᠤ ᠤᠯᠤᠰ᠂ ᠠᠶᠢᠮᠠᠭ ᠤᠨ ᠠᠯᠳᠠᠷ ᠴᠣᠯᠠ ᠲᠠᠢ ᠬᠦᠴᠦᠲᠦ 128 ᠪᠥᠬᠡ ᠵᠣᠳᠣᠭᠯᠠᠭᠰᠠᠨ ᠠᠴᠠ ᠬᠠᠯᠢᠭᠤᠨ ᠰᠤᠮᠤ ᠶᠢᠨ ᠬᠠᠷᠢᠶᠠᠲᠤ ᠠᠯᠳᠠᠷ ᠰᠫᠣᠷᠲ ᠬᠣᠷᠢᠶ᠎ᠠ᠂ ᠬᠠᠨ ᠲᠠᠶᠢᠰᠢᠷᠢ ᠳᠡᠪᠵᠢᠶᠡᠨ ᠦ ᠪᠥᠬᠡ ᠠᠶᠢᠮᠠᠭ ᠤᠨ ᠠᠷᠰᠯᠠᠨ ᠪ∙ᠣᠳᠬᠣᠨᠪᠠᠭᠠᠲᠤᠷ ᠲᠦᠷᠦᠭᠦᠯᠡᠯ᠎ᠡ᠃ ᠬᠠᠷᠢᠨ ᠬᠣᠪᠳᠣ ᠠᠶᠢᠮᠠᠭ ᠤᠨ ᠪᠤᠶᠠᠨᠲᠤ ᠰᠤᠮᠤ ᠶᠢᠨ ᠬᠠᠷᠢᠶᠠᠲᠤ ᠂ ᠮᠣᠩᠭᠣᠯ ᠤᠯᠤᠰ ᠤᠨ ᠬᠠᠷᠴᠠᠭᠠᠢ ᠣ᠊∙ᠬᠠᠩᠭᠠᠢ ᠦᠵᠦᠭᠦᠷᠯᠡᠵᠦ ᠂ ᠭᠣᠪᠢ-ᠠᠯᠲᠠᠢ ᠠᠶᠢᠮᠠᠭ ᠤᠨ ᠴᠡᠭᠡᠯ ᠰᠤᠮᠤ ᠶᠢᠨ ᠬᠠᠷᠢᠶᠠᠲᠤ ᠂ ︽ᠬᠢᠯᠢᠴᠢᠨ︾ ᠰᠫᠣᠷᠲ ᠬᠣᠷᠢᠶ᠎ᠠ ᠶᠢᠨ ᠪᠥᠬᠡ ᠮᠣᠩᠭᠣᠯ ᠤᠯᠤᠰ ᠤᠨ ᠭᠠᠷᠤᠳᠢ ᠵ∙ᠪᠠᠲᠤᠡᠷᠳᠡᠨᠢ ᠂ ᠮᠣᠩᠭᠣᠯ ᠤᠯᠤᠰ ᠤᠨ ᠨᠠᠴᠢᠨ ᠪ∙ᠠᠮᠤᠷᠵᠠᠶᠠᠭ᠎ᠠ ᠰᠢᠪᠦᠭᠡ ᠶᠢᠨ ᠳᠥᠷᠪᠡ ᠳᠦ ᠰᠢᠯᠭᠠᠷᠠᠵᠠᠢ᠃
ᠤᠭ ᠪᠠᠶᠠᠷ ᠨᠠᠭᠠᠳᠤᠮ ᠳᠤ ᠤᠯᠤᠰ ᠤᠨ ᠵᠠᠭᠠᠨ ᠪ∙ ᠰᠤᠷᠢᠨᠵᠢᠨᠪᠤᠯᠤᠳ᠂ ᠥᠰᠬᠦ ᠢᠳᠡᠷ ᠨᠠᠴᠢᠨ ᠴ ∙ ᠪᠠᠲᠤᠴᠢᠯᠠᠭᠤᠨ᠂ ᠤᠯᠤᠰ ᠤᠨ ᠨᠠᠴᠢᠨ ᠯ∙ᠭᠠᠩᠲᠤᠯᠭ᠎ᠠ᠂ ᠰ∙ᠪᠠᠭᠠᠬᠦᠦ᠂ ᠪ∙ ᠬᠡᠰᠢᠭᠪᠠᠭᠠᠲᠤᠷ ᠨᠠᠷ ᠤᠨ ᠬᠦᠴᠦᠲᠦ ᠪᠦᠬᠡᠴᠢᠳ ᠵᠣᠳᠣᠭᠯᠠᠭᠰᠠᠨ ᠪᠠᠶᠢᠨ᠎ᠠ᠃