ᠬᠡᠯᠮᠡᠭᠳᠡᠭᠰᠡᠳ ᠦᠨ ᠮᠦᠽᠧᠢ ᠶᠢ ᠵᠠᠰᠠᠪᠤᠷᠢᠯᠠᠵᠤ ᠪᠠᠶᠢᠨ᠎ᠠ  | News.MN

ᠬᠡᠯᠮᠡᠭᠳᠡᠭᠰᠡᠳ ᠦᠨ ᠮᠦᠽᠧᠢ ᠶᠢ ᠵᠠᠰᠠᠪᠤᠷᠢᠯᠠᠵᠤ ᠪᠠᠶᠢᠨ᠎ᠠ 

 

ᠤᠯᠤᠰ ᠲᠥᠷᠥ ᠶᠢᠨ ᠬᠢᠯᠢᠰ ᠬᠡᠷᠡᠭ ᠲᠦ ᠬᠡᠯᠮᠡᠭᠳᠡᠭᠰᠡᠳ ᠦᠨ ᠳᠤᠷᠠᠰᠬᠠᠯ ᠤᠨ ᠮᠦᠽᠧᠢ ᠭᠡᠬᠦ ᠬᠣᠶᠠᠷ ᠳᠠᠪᠬᠤᠷ ᠮᠣᠳᠣᠨ ᠪᠠᠶᠢᠰᠢᠩ ᠳᠤ ᠪᠦᠭᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠤᠨ ᠶᠡᠷᠦᠩᠬᠡᠢ ᠰᠠᠶᠢᠳ ᠫ ∙ᠭᠡᠨᠳᠦᠨ ᠠᠮᠢᠳᠤᠷᠠᠵᠤ ᠪᠠᠶᠢᠭᠰᠠᠨ ᠭᠡᠳᠡᠭ ᠃ ᠰᠠᠶ᠋ᠢᠬᠠᠨ ᠠᠴᠠ ᠮᠦᠽᠧᠢ ᠶᠢᠨ ᠪᠠᠷᠢᠯᠭ᠎ᠠ ᠶᠢ ᠲᠣᠭᠣᠷᠢᠭᠤᠯᠤᠨ ᠲᠡᠮᠦᠷ ᠱᠠᠲᠤ ᠪᠡᠬᠢᠯᠡᠵᠦ᠂ ᠡᠭᠦᠳᠡᠨ ᠳᠦ ᠪᠡᠨ ︽ ᠵᠠᠰᠠᠪᠤᠷᠢ ᠲᠠᠢ︾ ᠭᠡᠬᠦ ᠪᠢᠴᠢᠭ ᠬᠠᠳᠠᠭᠰᠠᠨ ᠨᠢ ᠣᠯᠠᠨ ᠤ ᠠᠩᠬᠠᠷᠤᠯ ᠳᠤ ᠥᠷᠲᠥᠵᠦ ᠪᠠᠶᠢᠯ᠎ᠠ᠃ ᠡᠨᠡ ᠲᠡᠦᠬᠡᠨ ᠳᠤᠷᠠᠰᠬᠠᠯᠲᠤ ᠪᠠᠶᠢᠰᠢᠩ ᠢ 1996 ᠣᠨ ᠤ ᠶᠢᠰᠦᠳᠦᠭᠡᠷ ᠰᠠᠷ᠎ᠠ ᠶᠢᠨ 10 ᠍ ᠳᠦ ᠶᠡᠷᠦᠩᠬᠡᠢ ᠰᠠᠶᠢᠳ ᠫ ∙ ᠭᠡᠨᠳᠦᠨ ᠦ ᠥᠬᠢᠨ ᠭ∙ᠰᠡᠷᠡᠩᠳᠤᠯᠮ᠎ᠠ ᠶᠢᠨ ᠰᠠᠨᠠᠭᠠᠴᠢᠯᠠᠭ᠎ᠠ ᠪᠠᠷ ᠮᠦᠽᠧᠢ ᠪᠣᠯᠭᠠᠵᠤ᠂ ᠳᠣᠯᠣᠭᠠᠨ ᠲᠠᠩᠬᠢᠮ ᠳᠤ ᠦᠵᠡᠮᠦᠷᠢ ᠳᠡᠯᠭᠡᠵᠡᠢ᠃ ᠣᠳᠣ ᠡᠨᠡ ᠮᠦᠽᠧᠢ ᠶᠢ ᠲᠡᠭᠦᠨ ᠦ ᠬᠦᠦ ᠰ∙ᠪᠡᠬᠢᠪᠠᠲᠤ ᠵᠠᠯᠭᠠᠮᠵᠢᠯᠠᠨ ᠠᠵᠢᠯᠯᠠᠭᠤᠯᠵᠤ ᠪᠠᠶᠢᠭ᠎ᠠ ᠶᠤᠮ ᠃
ᠲᠡᠭᠦᠨ ᠡᠴᠡ ᠮᠦᠽᠧᠢ ᠶᠢᠨ ᠵᠠᠰᠠᠪᠤᠷᠢ ᠶᠢᠨ ᠠᠵᠢᠯ ᠤᠨ ᠲᠠᠯ᠎ᠠ ᠪᠠᠷ ᠲᠣᠳᠣᠷᠠᠭᠤᠯᠬᠤ ᠳᠤ ᠄ ᠮᠠᠨ ᠤ ᠮᠦᠽᠧᠢ ᠬᠠᠮᠤᠭ ᠤᠨ ᠰᠡᠭᠦᠯ ᠳᠦ 2003 ᠣᠨ ᠤ ᠰᠡᠭᠦᠯᠴᠢ ᠪᠡᠷ ᠵᠠᠰᠠᠪᠤᠷᠢ ᠬᠢᠭᠰᠡᠨ ᠪᠠᠶᠢᠳᠠᠭ᠃ ᠣᠳᠣ ᠮᠡᠷᠭᠡᠰᠢᠭᠰᠡᠨ ᠠᠷᠬᠢᠲ᠋ᠧᠺᠲ᠋ᠣᠷ ᠤᠨ ᠵᠥᠪᠯᠡᠮᠵᠢ ᠶᠢ ᠠᠪᠴᠤ᠂ ᠥᠪᠡᠷᠰᠡᠳ ᠦᠨ ᠮᠥᠩᠭᠥ ᠪᠡᠷ ᠵᠠᠰᠠᠪᠤᠷᠢ ᠶᠢ ᠡᠬᠢᠯᠡᠭᠦᠯᠬᠦ ᠭᠡᠵᠦ ᠪᠠᠶᠢᠨ᠎ᠠ᠃ ᠠᠩᠬ᠎ᠠ 170 ᠭᠠᠷᠤᠢ ᠦᠵᠡᠮᠦᠷᠢ ᠲᠡᠢ ᠪᠠᠶᠢᠭᠰᠠᠨ ᠪᠣᠯ ᠡᠨᠡ ᠲᠣᠭ᠎ᠠ 200 ᠪᠣᠯᠵᠤ ᠨᠡᠮᠡᠭᠳᠡᠭᠰᠡᠨ᠃ ᠭᠡᠬᠦ ᠳᠦ ᠪᠡᠨ ᠮᠠᠨ ᠤ ᠮᠦᠽᠧᠢ ᠶᠢᠨ ᠣᠨᠴᠠᠯᠢᠭ ᠨᠢ ᠬᠦᠮᠦᠨ ᠳᠦ ᠮᠡᠳᠡᠭᠡᠯᠡᠯ ᠬᠦᠷᠭᠡᠬᠦ ᠳᠦ ᠯᠠ ᠣᠷᠣᠰᠢᠳᠠᠭ᠃ ᠵᠠᠰᠠᠪᠤᠷᠢ ᠶᠢᠨ ᠠᠵᠢᠯ ᠢ ᠪᠠᠭ᠎ᠠ ᠪᠠᠭ᠎ᠠ ᠪᠠᠷ ᠬᠠᠭᠠᠰ ᠵᠢᠯ ᠦᠨ ᠬᠤᠭᠤᠴᠠᠭᠠᠨ ᠳᠤ ᠬᠢᠨ᠎ᠡ ᠬᠡᠮᠡᠨ ᠬᠡᠯᠡᠭᠰᠡᠨ ᠶᠤᠮ᠃
ᠬᠦᠷᠡᠩ ᠥᠩᠭᠡ ᠲᠡᠢ᠂ ᠬᠣᠶᠠᠷ ᠳᠠᠪᠬᠤᠷ ᠮᠣᠳᠣᠨ ᠪᠠᠷᠢᠯᠭ᠎ᠠ ᠬᠣᠲᠠ ᠶᠢᠨ ᠲᠥᠪ ᠬᠡᠰᠡᠭ ᠲᠦ ᠥᠪᠡᠷ ᠦᠨ ᠲᠡᠦᠬᠡ ᠶᠢ ᠥᠭᠦᠯᠡᠬᠦ ᠮᠡᠲᠦ᠃ ᠡᠨᠡ ᠪᠠᠷᠢᠯᠭ᠎ᠠ ᠶᠢ ᠠᠩᠬ᠎ᠠ 1930 ᠣᠨ ᠳᠤ ᠶᠡᠷᠦᠩᠬᠡᠢ ᠰᠠᠶᠢᠳ ᠫ∙ᠭᠡᠨᠳᠦᠨ ᠳᠦ ᠵᠣᠷᠢᠭᠤᠯᠤᠨ ᠭᠧᠷᠮᠠᠨ ᠤ ᠢᠨᠵᠧᠨᠧᠷ ᠠᠵᠢᠯᠴᠢᠳ ᠪᠠᠷᠢᠭᠰᠠᠨ ᠲᠡᠦᠬᠡ ᠲᠡᠢ᠃ ᠤᠯᠤᠰ ᠲᠥᠷᠥ ᠶᠢᠨ ᠬᠢᠯᠢᠰ ᠬᠡᠷᠡᠭ ᠲᠦ ᠬᠡᠯᠮᠡᠭᠳᠡᠭᠰᠡᠳ ᠦᠨ ᠳᠤᠷᠠᠰᠬᠠᠯ ᠤᠨ ᠮᠦᠽᠧᠢ ᠪᠡᠷ ᠵᠢᠯ ᠳᠦ 1000 ᠭᠠᠷᠤᠢ ᠬᠦᠮᠦᠨ ᠰᠣᠨᠢᠷᠬᠠᠨ ᠵᠣᠴᠢᠯᠠᠳᠠᠭ ᠭᠡᠨ᠎ᠡ᠃ ᠮᠦᠽᠧᠢ ᠶᠢᠨ ᠵᠣᠴᠢᠳ ᠤᠨ ᠶᠡᠬᠡᠩᠬᠢ ᠶᠢ ᠬᠡᠦᠬᠡᠳ᠂ ᠵᠠᠯᠠᠭᠤᠰ ᠡᠵᠡᠯᠡᠳᠡᠭ᠃ ᠮᠦᠽᠧᠢ ᠶᠢᠨ ᠨᠢᠭᠡ ᠳᠠᠪᠬᠤᠷ ᠲᠤ ᠬᠡᠯᠮᠡᠭᠳᠡᠭᠰᠡᠳ ᠲᠦ ᠵᠣᠷᠢᠭᠤᠯᠤᠭᠰᠠᠨ ᠬᠦᠨᠳᠦᠳᠬᠡᠯ ᠦᠨ ᠲᠠᠩᠬᠢᠮ ᠪᠠᠶᠢᠬᠤ ᠪᠥᠭᠡᠳ ᠨᠡᠶᠢᠲᠡ ᠬᠡᠯᠮᠡᠭᠳᠡᠭᠰᠡᠨ ᠬᠦᠮᠦᠰ ᠦᠨ ᠨᠡᠷᠡᠰ ᠦᠨ ᠵᠢᠭᠰᠠᠭᠠᠯᠲᠠ ᠶᠢ ᠠᠶᠢᠮᠠᠭ᠂ ᠠᠶᠢᠮᠠᠭ ᠢᠶᠠᠷ ᠨᠢ ᠪᠠᠶᠢᠷᠢᠯᠠᠭᠤᠯᠵᠠᠢ᠃

ᠰᠡᠳᠬᠢᠭᠳᠡᠯ ᠦᠯᠡᠳᠡᠭᠡᠬᠦ