ᠨᠡᠶᠢᠰᠯᠡᠯ ᠦᠨ ᠠᠶᠠᠯᠠᠯ ᠵᠢᠭᠤᠯᠴᠢᠯᠠᠯ ᠤᠨ ᠭᠠᠵᠠᠷ᠂ ᠶᠠᠫᠣᠨ ᠤ ︽ᠱᠶᠤᠸᠠ ᠬᠤᠯᠯᠳᠢᠨ︾ ᠭᠷᠦ᠋ᠫ ᠦᠨ ᠮᠣᠩᠭᠣᠯ ᠳ᠋ᠡᠬᠢ ᠠᠯᠪᠠᠨ ᠶᠣᠰᠣᠨ ᠤ ᠲᠥᠯᠥᠭᠡᠯᠡᠭᠴᠢ ᠶᠢᠨ ᠭᠠᠵᠠᠷ ᠲᠠᠢ ᠬᠠᠮᠲᠤᠷᠠᠨ ᠵᠣᠬᠢᠶᠠᠨ ᠪᠠᠶᠢᠭᠤᠯᠤᠭᠰᠠᠨ ︽ᠪᠣᠭᠳᠠᠬᠠᠨ ᠠᠭᠤᠯᠠ ᠶᠢᠨ ᠲᠷᠧᠢᠯ 2019︾ ᠣᠯᠠᠨ ᠤᠯᠤᠰ ᠤᠨ ᠭᠦᠶᠦᠯᠲᠡ ᠶᠢᠨ ᠲᠡᠮᠡᠴᠡᠭᠡᠨ ᠦ 21 ᠺᠢᠯᠣᠮᠧᠲ᠋ᠷ ᠦᠨ 35-49 ᠨᠠᠰᠤᠨ ᠤ ᠠᠩᠭᠢᠯᠠᠯ ᠳᠤ ᠭᠤᠪᠢᠰᠦ᠋ᠮᠪᠤᠷ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠤᠨ ᠠᠪᠤᠷᠠᠭᠴᠢ᠂ ᠠᠬᠠᠯᠠᠬᠤ ᠠᠬᠠᠯᠠᠭᠴᠢ ᠳ∙ᠠᠷᠢᠭᠤᠨᠵᠢᠷᠭᠠᠯ ᠳᠡᠳ᠋ ᠪᠠᠶᠢᠷᠢ ᠳᠤ ᠰᠢᠯᠭᠠᠷᠠᠯ᠎ᠠ᠃
ᠲᠤᠰ ᠲᠡᠮᠡᠴᠡᠭᠡᠨ ᠨᠢ 64᠂ 21᠂ 10 ᠺᠢᠯᠣᠮᠧᠲ᠋ᠷ ᠦᠨ ᠵᠠᠢ ᠳᠤ ᠪᠤᠶᠤ ᠬᠥᠰᠢᠭᠲᠦ ᠶᠢᠨ ᠬᠥᠨᠳᠡᠢ ᠡᠴᠡ ᠮᠠᠨᠽᠤᠰᠢᠷᠢ ᠶᠢᠨ ᠬᠡᠶᠢᠳ᠂ ᠴᠡᠴᠡ ᠭᠦᠩ ᠂ ᠵᠠᠶᠢᠰᠠᠩ ᠲᠣᠯᠣᠭᠠᠢ ᠴᠢᠭᠯᠡᠯ ᠳᠦ ᠵᠣᠬᠢᠶᠠᠨ ᠪᠠᠶᠢᠭᠤᠯᠤᠭᠳᠠᠭᠰᠠᠨ ᠪᠥᠭᠡᠳ 10 ᠭᠠᠷᠤᠢ ᠣᠷᠣᠨ ᠤ 150 ᠭᠠᠷᠤᠢ ᠲᠠᠮᠢᠷᠴᠢᠨ ᠣᠷᠣᠯᠴᠠᠵᠤ᠂ ᠨᠠᠰᠤᠨ ᠳᠤ ᠬᠦᠷᠦᠭᠰᠡᠳ᠂ ᠠᠬᠠᠮᠠᠳ᠂ ᠥᠰᠪᠦᠷᠢ ᠦᠶ᠎ᠡ ᠭᠡᠰᠡᠨ ᠭᠤᠷᠪᠠᠨ ᠨᠠᠰᠤᠨ ᠤ ᠠᠩᠭᠢᠯᠠᠯ ᠳᠤ ᠥᠷᠢᠰᠦᠯᠳᠦᠭᠰᠡᠨ ᠪᠠᠶᠢᠨ᠎ᠠ᠃