ᠬᠥᠪᠰᠥᠭᠥᠯ ᠠᠶᠢᠮᠠᠭ ᠤᠨ ᠮᠥᠷᠡᠨ ᠬᠣᠲᠠ ᠶᠢᠨ 210 ᠵᠢᠯ ᠦᠨ ᠣᠢ᠂ ︽ᠬᠣᠲᠣᠭᠣᠶᠢᠳ ᠤᠨ ᠬᠤᠷᠳᠤ-4︾ ᠬᠠᠩᠭᠠᠢ ᠶᠢᠨ ᠪᠥᠰᠡ ᠶᠢᠨ ᠬᠤᠷᠳᠤᠨ ᠮᠣᠷᠢᠨ ᠤ ᠤᠷᠤᠯᠳᠤᠭᠠᠨ ᠳᠤ ᠠᠶᠢᠮᠠᠭ ᠤᠨ ᠭᠡᠷ ᠪᠦᠯᠢ ᠬᠡᠦᠬᠡᠳ ᠵᠠᠯᠠᠭᠤᠴᠤᠳ ᠤᠨ ᠬᠥᠭᠵᠢᠯ ᠦᠨ ᠭᠠᠵᠠᠷ ᠠᠴᠠ ᠤᠷᠤᠯᠳᠤᠭᠠᠨᠴᠢ ᠬᠡᠦᠬᠡᠳ ᠦᠳ ᠢ ᠬᠤᠷᠤᠭᠤᠨ ᠤ ᠬᠡ ᠪᠡᠷ ᠴᠠᠬᠢᠮ ᠪᠦᠷᠢᠳᠬᠡᠯ ᠳᠦ ᠬᠠᠮᠤᠷᠤᠭᠤᠯᠵᠤ᠂ ᠬᠡᠦᠬᠡᠳ ᠦᠳ ᠦᠨ ᠡᠷᠬᠡ ᠠᠰᠢᠭ ᠢ ᠬᠠᠮᠠᠭᠠᠯᠠᠵᠤ᠂ ᠬᠠᠤᠯᠢ ᠵᠢᠷᠤᠮ᠂ ᠰᠲ᠋ᠠᠨᠳᠠᠷᠲ ᠤᠨ ᠬᠡᠷᠡᠭᠵᠢᠯᠲᠡ ᠳᠦ ᠬᠢᠨᠠᠯᠲᠠ ᠲᠠᠯᠪᠢᠨ ᠠᠵᠢᠯᠯᠠᠵᠤ ᠪᠠᠶᠢᠨ᠎ᠠ᠃
ᠤᠷᠤᠯᠳᠤᠭᠠᠨ ᠳᠤ 210 ᠭᠠᠷᠤᠢ ᠬᠡᠦᠬᠡᠳ ᠬᠤᠷᠳᠤᠨ ᠮᠣᠷᠢ ᠤᠨᠤᠵᠠᠢ᠃ ︽ᠡᠨᠡ ᠵᠢᠯ ᠦᠨ ᠬᠤᠪᠢ ᠳᠤ ᠤᠷᠤᠯᠳᠤᠭᠠᠨᠴᠢ ᠬᠡᠦᠬᠡᠳ ᠪᠦᠷ ᠭᠡᠨᠡᠳᠲᠡ ᠶᠢᠨ ᠣᠰᠣᠯ ᠤᠨ ᠳᠠᠭᠠᠳᠬᠠᠯ ᠳᠤ ᠬᠠᠮᠤᠷᠤᠭᠳᠠᠵᠤ᠂ ᠬᠠᠮᠠᠭᠠᠯᠠᠯᠲᠠ ᠶᠢᠨ ᠬᠤᠪᠴᠠᠰᠤ ᠬᠡᠷᠡᠭᠯᠡᠯ ᠢ ᠢᠵᠢ ᠪᠦᠷᠢᠨ ᠡᠮᠦᠰᠴᠦ ᠬᠡᠪᠰᠢᠭᠰᠡᠨ ᠨᠢ ᠰᠠᠶᠢᠰᠢᠶᠠᠯᠲᠠᠢ︾ ᠭᠡᠵᠦ ᠬᠥᠪᠰᠥᠭᠥᠯ ᠠᠶᠢᠮᠠᠭ ᠤᠨ ᠭᠡᠷ ᠪᠦᠯᠢ ᠬᠡᠦᠬᠡᠳ ᠵᠠᠯᠠᠭᠤᠴᠤᠳ ᠤᠨ ᠬᠥᠭᠵᠢᠯ ᠦᠨ ᠭᠠᠵᠠᠷ ᠤᠨ ᠳᠠᠷᠤᠭ᠎ᠠ ᠴ∙ᠳᠠᠰᠢᠪᠠᠶᠠᠷ ᠣᠨᠴᠠᠯᠠᠪᠠ᠃