ᠤᠯᠤᠰ ᠤᠨ ᠶᠡᠬᠡ ᠬᠤᠷᠠᠯ ᠤᠨ ᠲᠠᠮᠠᠭ᠎ᠠ ᠶᠢᠨ ᠭᠠᠵᠠᠷ᠂ ᠰᠢᠨᠵᠢᠯᠡᠬᠦ ᠤᠬᠠᠭᠠᠨ ᠤ ᠠᠺᠠᠳ᠋ᠸᠮᠢ᠂ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠬᠥᠭᠵᠢᠯ ᠦᠨ ᠬᠥᠲᠥᠯᠪᠦᠷᠢ᠂ ᠶᠤᠨᠧᠰᠺᠦ ᠶᠢᠨ ᠨᠡᠶᠢᠭᠡᠮ ᠤᠨ ᠥᠭᠡᠷᠡᠴᠢᠯᠡᠯᠲᠡ ᠶᠢᠨ ᠤᠳᠤᠷᠢᠳᠤᠯᠭ᠎ᠠ ᠬᠥᠲᠥᠯᠪᠦᠷᠢ ᠬᠠᠮᠲᠤᠷᠠᠨ ᠵᠣᠬᠢᠶᠠᠨ ᠪᠠᠶᠢᠭᠤᠯᠤᠭᠰᠠᠨ ︽ᠨᠡᠶᠢᠭᠡᠮ ᠤᠨ ᠲᠡᠭᠰᠢ ᠪᠤᠰᠤ ᠪᠠᠶᠢᠳᠠᠯ ᠢ ᠪᠠᠭᠤᠷᠠᠭᠤᠯᠬᠤ ᠨᠢ᠄ ᠮᠡᠳᠡᠯᠭᠡ ᠡᠴᠡ ᠲᠥᠷᠥ ᠶᠢᠨ ᠪᠣᠳᠣᠯᠭ᠎ᠠ ᠳᠤ︾ ᠰᠡᠳᠦᠪᠲᠦ ᠰᠧᠮᠢᠨᠠᠷ ᠥᠨᠳᠥᠷᠯᠡᠯ᠎ᠡ᠃
ᠰᠸᠮᠢᠨᠠᠷ ︽ᠮᠡᠳᠡᠯᠭᠡ᠂ ᠲᠥᠷᠥ ᠶᠢᠨ ᠪᠣᠳᠣᠯᠭ᠎ᠠ᠂ ᠲᠡᠭᠰᠢ ᠪᠤᠰᠤ ᠪᠠᠶᠢᠳᠠᠯ︾᠂ ︽ᠢᠨᠰᠲ᠋ᠢᠲ᠋ᠦᠼ ᠤᠳ᠂ ᠬᠦᠮᠦᠨ ᠦ ᠡᠷᠬᠡ᠂ ᠲᠡᠭᠰᠢ ᠪᠤᠰᠤ ᠪᠠᠶᠢᠳᠠᠯ︾᠂ ︽ᠣᠷᠣᠨ ᠵᠠᠢ ᠪᠣᠯᠤᠨ ᠪᠠᠶᠢᠭᠠᠯᠢ ᠣᠷᠴᠢᠨ ᠤ ᠲᠡᠭᠰᠢ ᠪᠤᠰᠤ ᠪᠠᠶᠢᠳᠠᠯ︾ ᠭᠡᠰᠡᠨ ᠦᠨᠳᠦᠰᠦᠨ ᠭᠤᠷᠪᠠᠨ ᠪᠠᠭᠴᠠ ᠠᠰᠠᠭᠤᠳᠠᠯ ᠤᠨ ᠬᠦᠷᠢᠶᠡᠨ ᠳᠦ ᠠᠷᠪᠠ ᠭᠠᠷᠤᠢ ᠰᠡᠳᠦᠪ ᠢ ᠬᠥᠨᠳᠡᠵᠦ ᠬᠡᠯᠡᠯᠴᠡᠯ᠎ᠡ᠃ ᠲᠣᠭᠲᠠᠪᠤᠷᠢᠲᠠᠢ ᠬᠥᠭᠵᠢᠯ ᠦᠨ ᠵᠣᠷᠢᠯᠭ᠎ᠠ ᠶᠢ ᠬᠡᠷᠡᠭᠵᠢᠭᠦᠯᠬᠦ ᠬᠦᠷᠢᠶᠡᠨ ᠳᠦ ᠨᠡᠶᠢᠭᠡᠮ ᠤᠨ ᠲᠡᠭᠰᠢ ᠪᠤᠰᠤ ᠪᠠᠶᠢᠳᠠᠯ ᠢ ᠪᠠᠭᠤᠷᠠᠭᠤᠯᠬᠤ ᠠᠰᠠᠭᠤᠳᠠᠯ ᠴᠢᠬᠤᠯᠠ ᠪᠠᠷ ᠲᠠᠯᠪᠢᠭᠳᠠᠵᠤ ᠪᠠᠶᠢᠭ᠎ᠠ ᠶᠤᠮ᠃ ᠤᠯᠤᠰ ᠣᠷᠣᠨ ᠨᠤᠭᠤᠳ ᠲᠤ ᠪᠠᠶᠠᠯᠢᠭ ᠤᠨ ᠲᠡᠭᠰᠢ ᠪᠤᠰᠤ ᠬᠤᠪᠢᠶᠠᠷᠢᠯᠠᠯᠲᠠ᠂ ᠣᠷᠣᠯᠭ᠎ᠠ ᠶᠢᠨ ᠲᠡᠭᠰᠢ ᠪᠢᠰᠢ ᠪᠠᠶᠢᠳᠠᠯ᠂ ᠨᠡᠶᠢᠭᠡᠮ ᠤᠨ ᠲᠣᠳᠣᠷᠬᠠᠢ ᠪᠦᠯᠦᠭ ᠦᠨ ᠬᠦᠮᠦᠰ ᠲᠦ ᠲᠡᠭᠰᠢ ᠪᠤᠰᠤ ᠪᠣᠯᠤᠮᠵᠢ ᠣᠯᠭᠣᠬᠤ ᠵᠡᠷᠭᠡ ᠨᠢ ᠨᠡᠶᠢᠭᠡᠮ ᠤᠨ ᠲᠡᠭᠰᠢ ᠪᠤᠰᠤ ᠪᠠᠶᠢᠳᠠᠯ ᠡᠭᠦᠰᠬᠦ ᠳᠦ ᠨᠥᠯᠦᠭᠡᠯᠡᠳᠡᠭ᠃ ᠡᠶᠢᠮᠦ ᠳᠦ ᠪᠤᠰᠤᠳ ᠤᠯᠤᠰ ᠣᠷᠣᠨ ᠨᠤᠭᠤᠳ ᠤᠨ ᠲᠤᠷᠰᠢᠯᠭ᠎ᠠ ᠠᠴᠠ ᠰᠤᠷᠤᠯᠴᠠᠬᠤ ᠶᠢᠨ ᠵᠡᠷᠭᠡᠴᠡᠭᠡ ᠥᠪᠡᠷ ᠦᠨ ᠣᠷᠣᠨ ᠤ ᠤᠯᠠᠮᠵᠢᠯᠠᠯ᠂ ᠰᠤᠶᠤᠯ᠂ ᠪᠠᠶᠢᠭᠠᠯᠢ ᠣᠷᠴᠢᠨ᠂ ᠴᠠᠭ ᠠᠭᠤᠷ ᠵᠡᠷᠭᠡ ᠣᠯᠠᠨ ᠬᠦᠴᠦᠨ ᠵᠦᠢᠯ ᠢ ᠬᠠᠷᠠᠭᠠᠯᠵᠠᠨ ᠦᠵᠡᠵᠦ᠂ ᠲᠡᠭᠦᠨ ᠳᠦ ᠲᠣᠬᠢᠷᠠᠭᠰᠠᠨ᠂ ᠠᠯᠤᠰ ᠢ ᠬᠠᠷᠠᠭᠰᠠᠨ ᠲᠥᠷᠥ ᠶᠢᠨ ᠪᠣᠳᠣᠯᠭ᠎ᠠ ᠶᠢ ᠪᠣᠯᠪᠠᠰᠤᠷᠠᠭᠤᠯᠬᠤ ᠬᠡᠷᠡᠭ ᠲᠡᠢ ᠶᠢ ᠶᠤᠨᠧᠰᠺᠤ ᠶᠢᠨ ᠨᠡᠶᠢᠭᠡᠮ᠂ ᠬᠦᠮᠦᠯᠢᠭ ᠦᠨ ᠰᠢᠨᠵᠢᠯᠡᠬᠦ ᠤᠬᠠᠭᠠᠨ ᠤ ᠰᠠᠯᠪᠤᠷᠢ ᠶᠢᠨ ᠰᠤᠳᠤᠯᠭ᠎ᠠ᠂ ᠪᠣᠳᠣᠯᠭ᠎ᠠ᠂ ᠬᠡᠲᠦ ᠶᠢᠨ ᠲᠥᠯᠥᠪᠯᠡᠯᠲᠡ ᠶᠢᠨ ᠬᠡᠯᠲᠡᠰ ᠦᠨ ᠳᠠᠷᠤᠭ᠎ᠠ ᠵᠤᠨ ᠺᠷᠣᠤᠯ ᠬᠡᠯᠡᠭᠰᠡᠨ ᠦᠭᠡᠨ ᠳᠦ ᠪᠡᠨ ᠣᠨᠴᠠᠯᠠᠪᠠ᠃