ᠡᠮᠦᠨᠡᠭᠣᠪᠢ ᠠᠶᠢᠮᠠᠭ ᠤᠨ ᠤᠤᠭᠠᠯ᠂ ᠬᠡᠲᠦ ᠬᠣᠯᠠ ᠶᠢᠨ ᠵᠠᠢ ᠶᠢᠨ ᠭᠦᠶᠦᠯᠲᠡ ᠶᠢᠨ ᠳᠡᠯᠡᠬᠡᠢ ᠶᠢᠨ ᠠᠪᠤᠷᠭᠤ ᠪ∙ᠪᠤᠳᠠᠵᠢᠷᠭᠠᠯ ᠳᠤ ︽ᠡᠷᠬᠡᠲᠦ ᠮᠣᠩᠭᠣᠯ ︾ ᠭᠷᠦ᠋ᠫ ᠡᠴᠡ ᠭᠤᠷᠪᠠᠨ ᠥᠷᠥᠭᠡ ᠪᠠᠶᠢᠷᠢ ᠪᠡᠯᠡᠭᠯᠡᠵᠡᠢ᠃ 2008 ᠣᠨ ᠠᠴᠠ ᠬᠣᠶᠢᠰᠢ ᠬᠡᠲᠦ ᠬᠣᠯᠠ ᠶᠢᠨ ᠵᠠᠢ ᠳᠤ ᠭᠦᠶᠦᠵᠦ ᠮᠣᠩᠭᠣᠯ ᠬᠦᠮᠦᠨ ᠦ ᠲᠡᠰᠪᠦᠷᠢ ᠬᠠᠲᠠᠭᠤᠵᠢᠯ ᠢ ᠳᠡᠯᠡᠬᠡᠢ ᠳ᠋ᠠᠬᠢᠨ ᠳᠤ ᠴᠤᠤᠷᠢᠶᠠᠲᠤᠭᠤᠯᠵᠤ ᠴᠢᠳᠠᠭᠰᠠᠨ ᠲᠡᠭᠦᠨ ᠢ ᠡᠶᠢᠨ ᠬᠦ ᠤᠷᠮᠠᠰᠢᠭᠤᠯᠤᠭᠰᠠᠨ ᠪᠠᠶᠢᠨ᠎ᠠ᠃ ᠲᠡᠮᠡᠴᠡᠭᠡᠨ ᠦ ᠦᠶ᠎ᠡ ᠪᠡᠷ ᠲᠡᠷᠡ ᠪᠡᠷ ᠡᠳᠦᠷ ᠲᠦ 1-2 ᠴᠠᠭ ᠤᠨᠲᠠᠵᠤ᠂ 100-180 ᠺᠢᠯᠣᠮᠧᠲ᠋ᠷ ᠭᠦᠶᠦᠳᠡᠭ ᠃ ᠮᠥᠨ 10 ᠬᠣᠨᠣᠭ ᠲᠤ 1304 ᠺᠢᠯᠣᠮᠧᠲ᠋ᠷ ᠵᠠᠮ ᠢ ᠭᠦᠶᠦᠵᠦ ᠲᠤᠭᠤᠯᠤᠨ ᠮᠣᠩᠭᠣᠯᠴᠤᠳ ᠤᠨ ᠲᠡᠰᠪᠦᠷᠢ ᠬᠠᠲᠠᠭᠤᠵᠢᠯ ᠢ ᠳᠡᠯᠡᠬᠡᠢ ᠳ᠋ᠠᠬᠢᠨ ᠳᠤ ᠬᠠᠷᠠᠭᠤᠯᠤᠭᠰᠠᠨ ᠶᠤᠮ᠃ ᠪ∙ᠪᠤᠳᠠᠵᠢᠷᠭᠠᠯ ᠨᠠᠢᠮᠠᠳᠤᠭᠠᠷ ᠰᠠᠷ᠎ᠠ ᠶᠢᠨ 7 ᠳᠦ ᠠᠮᠧᠷᠢᠺᠠ ᠳᠦ ᠳᠠᠷᠠᠭ᠎ᠠ ᠶᠢᠨ ᠲᠡᠮᠡᠴᠡᠭᠡᠨ ᠳᠦ ᠪᠡᠨ ᠣᠷᠣᠯᠴᠠᠬᠤ ᠪᠠᠷ ᠮᠣᠷᠳᠠᠬᠤ ᠶᠤᠮ ᠃ ᠡᠨᠡ ᠤᠳᠠᠭ᠎ᠠ ᠲᠡᠷᠡᠪᠡᠷ ᠳᠡᠯᠡᠬᠡᠢ ᠶᠢᠨ ᠷᠧᠺᠣᠷᠳ᠋ ᠲᠣᠭᠲᠠᠭᠠᠬᠤ ᠲᠣᠮᠣ ᠵᠤᠷᠢᠯᠭ᠎ᠠ ᠡᠪᠦᠷᠲᠦᠯᠡᠵᠦ ᠵᠢᠷᠭᠤᠭᠠᠨ ᠡᠳᠦᠷ ᠦᠨ ᠭᠦᠶᠦᠯᠲᠡ ᠶᠢᠨ ᠲᠡᠮᠡᠴᠡᠭᠡᠨ ᠳᠦ ᠣᠷᠣᠯᠴᠠᠨ᠎ᠠ᠃