ᠦᠨᠳᠦᠰᠦᠨ ᠦ ᠶᠡᠬᠡ ᠪᠠᠶᠠᠷ ᠨᠠᠭᠠᠳᠤᠮ ᠤᠨ ᠦᠨᠳᠦᠰᠦᠨ ᠦ ᠰᠤᠷ ᠤᠨ ᠬᠠᠷᠪᠤᠭᠠᠨ ᠳᠤ 540 ᠬᠠᠷᠪᠤᠭᠠᠴᠢ ᠴᠡᠴᠡ ᠮᠡᠷᠭᠡᠨ ᠢᠶᠡᠨ ᠰᠤᠷᠢᠯ᠎ᠠ ᠃
ᠡᠷᠡᠭᠲᠡᠢ ᠬᠠᠷᠪᠤᠭᠠᠴᠢᠳ ᠠᠴᠠ 40 ᠰᠤᠮᠤᠨ ᠠᠴᠠ 39 ᠰᠤᠮᠤ ᠣᠨᠣᠵᠤ ᠲᠦᠷᠦᠭᠦᠯᠡᠭᠰᠡᠨ ᠲᠥᠪ ᠠᠶᠢᠮᠠᠭ ᠤᠨ ᠵᠠᠭᠤᠨᠮᠤᠳᠤ ᠰᠤᠮᠤ ᠶᠢᠨ ᠤᠤᠭᠠᠯ ᠂ ᠠᠶᠢᠮᠠᠭ ᠤᠨ ᠮᠡᠷᠭᠡᠨ ᠡ᠊ ∙ᠴᠣᠭᠪᠠᠶᠠᠷ ᠲᠤ ᠮᠣᠩᠭᠣᠯ ᠤᠯᠤᠰ ᠤᠨ ︽ᠮᠡᠷᠭᠡᠨ︾ ᠴᠣᠯᠠ᠂ 38 ᠰᠤᠮᠤ ᠣᠨᠣᠵᠤ ᠂ ᠬᠣᠶᠠᠳᠤᠭᠠᠷ ᠪᠠᠶᠢᠷᠢ ᠡᠵᠡᠯᠡᠭᠰᠡᠨ ᠪᠠᠶᠠᠨ-ᠥᠯᠥᠭᠡᠢ ᠠᠶᠢᠮᠠᠭ ᠤᠨ ᠪᠤᠶᠠᠨᠲᠤ ᠰᠤᠮᠤ ᠶᠢᠨ ᠤᠤᠭᠠᠯ ᠂ ᠠᠶᠢᠮᠠᠭ ᠤᠨ ᠮᠡᠷᠭᠡᠨ ᠡ᠊∙ ᠭᠠᠩᠴᠢᠯᠠᠭᠤᠨ ᠳᠤ ᠮᠣᠩᠭᠣᠯ ᠤᠯᠤᠰ ᠤᠨ ︽ᠭᠠᠷᠮᠠᠭᠠᠢ ᠬᠠᠷᠪᠤᠭᠠᠴᠢ ︾ ᠴᠣᠯᠠ᠂ 37 ᠰᠤᠮᠤ ᠣᠨᠣᠵᠤ ᠭᠤᠷᠪᠠᠳᠤᠭᠠᠷ ᠪᠠᠶᠢᠷᠢ ᠡᠵᠡᠯᠡᠭᠰᠡᠨ ᠬᠣᠪᠳᠣ ᠠᠶᠢᠮᠠᠭ ᠤᠨ ᠳᠠᠭᠤᠲᠤ ᠰᠤᠮᠤ ᠶᠢᠨ ᠤᠤᠭᠠᠯ᠂ ᠠᠶᠢᠮᠠᠭ ᠤᠨ ᠮᠡᠷᠭᠡᠨ ᠳ ∙ ᠴᠢᠯᠠᠭᠤᠨᠪᠠᠲᠤ ᠳᠤ ᠮᠣᠩᠭᠣᠯ ᠤᠯᠤᠰ ᠤᠨ ︽ᠭᠣᠴᠣ ᠬᠠᠷᠪᠤᠭᠠᠴᠢ︾ ᠴᠣᠯᠠ ᠶᠢ ᠲᠤᠰ ᠲᠤᠰ ᠣᠯᠭᠤᠯ᠎ᠠ᠃
ᠮᠥᠨ ᠡᠮᠡᠭᠲᠡᠢ ᠬᠠᠷᠪᠤᠭᠠᠴᠢᠳ ᠠᠴᠠ 40 ᠰᠤᠮᠤᠨ ᠠᠴᠠ 37 ᠰᠤᠮᠤ ᠣᠨᠣᠵᠤ ᠲᠦᠷᠦᠭᠦᠯᠡᠭᠰᠡᠨ ᠳᠤᠮᠳᠠᠭᠤᠪᠢ ᠠᠶᠢᠮᠠᠭ ᠤᠨ ᠳᠡᠯᠭᠡᠷᠬᠠᠩᠭᠠᠢ ᠰᠤᠮᠤ ᠶᠢᠨ ᠤᠤᠭᠠᠯ ᠂ ᠴᠠᠬᠢᠭᠤᠷ ᠪᠠᠭ ᠤᠨ ᠬᠠᠷᠪᠤᠭᠠᠴᠢ ᠥ᠊ ∙ ᠬᠠᠲᠠᠨᠪᠣᠯᠣᠷ ᠲᠤ ᠮᠣᠩᠭᠣᠯ ᠤᠯᠤᠰ ᠤᠨ ︽ᠮᠡᠷᠭᠡᠨ︾ ᠴᠣᠯᠠ᠂ 33 ᠰᠤᠮᠤ ᠣᠨᠣᠵᠤ ᠭᠤᠷᠪᠠᠳᠤᠭᠠᠷ ᠪᠠᠶᠢᠷᠢ ᠡᠵᠡᠯᠡᠭᠰᠡᠨ ᠪᠤᠯᠠᠭᠠᠨ ᠠᠶᠢᠮᠠᠭ ᠤᠨ ᠪᠥᠷᠥᠭᠬᠠᠩᠭᠠᠢ ᠰᠤᠮᠤ ᠶᠢᠨ ᠤᠤᠭᠠᠯ ᠂ ᠬᠠᠨ-ᠠᠭᠤᠯᠠ ᠳᠡᠭᠦᠷᠭᠡ ᠶᠢᠨ ᠬᠠᠷᠪᠤᠭᠠᠴᠢ᠂ ᠠᠶᠢᠮᠠᠭ ᠤᠨ ᠮᠡᠷᠭᠡᠨ ᠪ∙ᠪᠠᠶᠠᠷᠴᠡᠴᠡᠭ ᠲᠦ ᠮᠣᠩᠭᠣᠯ ᠤᠯᠤᠰ ᠤᠨ ︽ᠭᠣᠴᠣ ᠬᠠᠷᠪᠤᠭᠠᠴᠢ︾ ᠴᠣᠯᠠ ᠶᠢ ᠶᠡᠷᠦᠩᠬᠡᠶᠢᠯᠡᠭᠴᠢ ᠬ ∙ ᠪᠠᠲᠤᠲᠤᠯᠭ᠎ᠠ ᠭᠠᠷᠳᠠᠭᠤᠯᠤᠨ ᠥᠭᠴᠦ᠂ ᠪᠠᠶᠠᠷ ᠬᠦᠷᠭᠡᠨ ᠠᠮᠵᠢᠯᠲᠠ ᠬᠦᠰᠡᠪᠡ᠃