ᠮᠣᠩᠭᠣᠯ ᠤᠨ ᠱᠠᠰᠢᠨ ᠰᠤᠶᠤᠯ ᠤᠨ ᠨᠡᠷᠡᠲᠦ ᠵᠢᠳᠬᠦᠯᠲᠡᠨ᠂ ᠰᠣᠶᠣᠨ ᠭᠡᠭᠡᠷᠡᠭᠦᠯᠦᠭᠴᠢ᠂ ᠮᠣᠩᠭᠣᠯ ᠮᠠᠷᠠᠮᠪᠠ ᠶᠢᠨ ᠣᠷᠣᠢ ᠶᠢᠨ ᠴᠢᠮᠡᠭ᠂ ᠤᠤᠭᠠᠨ ᠵᠢᠷᠤᠬᠠᠶᠢᠴᠢ᠂ ᠬᠠᠩᠪᠤ ᠨᠣᠮᠤᠨ ᠬᠠᠨ᠂ ᠡᠷᠳᠡᠨᠢᠪᠠᠨᠳᠢᠳᠠ ᠬᠤᠲᠤᠭᠲᠤ᠂ ᠯᠠᠮᠠ ᠶᠢᠨ ᠭᠡᠭᠡᠨ ᠯᠤᠪᠰᠠᠩᠳᠠᠨᠽᠠᠨᠵᠠᠨᠼᠠᠨ ᠤ ᠲᠦᠮᠡᠨ ᠥᠯᠵᠡᠢ ᠭᠡᠶᠢᠭᠰᠡᠨ ᠦ ᠲᠡᠦᠬᠡᠲᠦ 380 ᠵᠢᠯ ᠦᠨ ᠣᠢ ᠶᠢ ᠡᠨᠡ ᠰᠠᠷ᠎ᠠ ᠶᠢᠨ 26-28 ᠍ ᠳᠦ ᠲᠡᠮᠳᠡᠭᠯᠡᠨ᠎ᠡ᠃ ᠣᠢ ᠶᠢᠨ ᠬᠦᠷᠢᠶᠡᠨ ᠳᠦ ᠮᠣᠩᠭᠣᠯ ᠤᠯᠤᠰ ᠤᠨ ᠲᠥᠷᠥ ᠶᠢᠨ ᠱᠠᠩᠨᠠᠯᠲᠤ ᠵᠣᠬᠢᠶᠠᠯᠴᠢ᠂ ᠢᠷᠠᠭᠤ ᠨᠠᠶᠢᠷᠠᠭᠴᠢ ᠴ∙ᡀᠠᠮᠣᠰᠦ᠋ᠷᠦᠩ ᠦᠨ ᠨᠡᠷᠡᠮᠵᠢᠲᠦ ︽ᠬᠦᠷᠡᠩ ᠮᠣᠷᠢ-2019》 ᠢᠷᠠᠭᠤ ᠨᠠᠶᠢᠷᠠᠭ ᠤᠨ ᠨᠠᠭᠠᠳᠤᠮ ᠢ ᠪᠠᠶᠠᠨᠬᠣᠩᠭᠣᠷ ᠬᠤᠲᠠ ᠳᠤ ᠳᠣᠯᠣᠳᠤᠭᠠᠷ ᠰᠠᠷ᠎ᠠ ᠶᠢᠨ 27 ᠍ ᠳᠦ ᠵᠣᠬᠢᠶᠠᠨ ᠪᠠᠶᠢᠭᠤᠯᠬᠤ ᠲᠤᠪ ᠭᠠᠷᠴᠠᠢ᠃
ᠪᠠᠶᠠᠨᠬᠣᠩᠭᠣᠷ ᠠᠶᠢᠮᠠᠭ ᠤᠨ ᠤᠤᠭᠠᠯ ᠂ ᠲᠥᠷᠥ ᠶᠢᠨ ᠱᠠᠩᠨᠠᠯᠲᠤ ᠵᠣᠬᠢᠶᠠᠯᠴᠢ᠂ ᠢᠷᠠᠭᠤ ᠨᠠᠶᠢᠷᠠᠭᠴᠢ ᠴ ∙ ᡀᠠᠮᠣᠰᠦ᠋ᠷᠦᠩ ᠦᠨ ᠨᠠᠮᠲᠠᠷ᠂ ᠤᠷᠠᠨ ᠪᠦᠲᠦᠭᠡᠯ ᠢ ᠣᠯᠠᠨ ᠨᠡᠶᠢᠲᠡ ᠳᠦ ᠰᠤᠷᠲᠠᠯᠴᠢᠯᠠᠨ ᠲᠠᠨᠢᠭᠤᠯᠬᠤ᠂ ᠠᠯᠳᠠᠷᠰᠢᠭᠤᠯᠬᠤ᠂ ᠰᠢᠨ᠎ᠡ ᠵᠠᠯᠠᠭᠤ ᠤᠷᠠᠨ ᠪᠦᠲᠦᠭᠡᠯᠴᠢᠳ ᠢ ᠨᠡᠭᠡᠭᠡᠨ ᠢᠯᠡᠷᠡᠭᠦᠯᠵᠦ᠂ ᠤᠷᠠᠨ ᠪᠦᠲᠦᠭᠡᠯ ᠢᠶᠡᠷ ᠨᠢ ᠠᠷᠠᠳ ᠢᠷᠭᠡᠳ ᠲᠡᠢ ᠠᠭᠤᠯᠵᠠᠭᠤᠯᠬᠤ ᠵᠣᠷᠢᠯᠭ᠎ᠠ ᠲᠠᠢ ᠲᠤᠰ ᠨᠠᠭᠠᠳᠤᠮ 30 ᠳ᠋ᠡᠬᠢ ᠵᠢᠯ ᠳᠦ ᠪᠡᠨ ᠡᠶᠢᠨ ᠬᠦ ᠪᠣᠯᠬᠤ ᠭᠡᠵᠦ ᠪᠠᠶᠢᠨ᠎ᠠ᠃ ᠨᠠᠭᠠᠳᠤᠮ ᠳᠤ 21 ᠠᠶᠢᠮᠠᠭ ᠪᠣᠯᠤᠨ ᠤᠯᠠᠭᠠᠨᠪᠠᠭᠠᠲᠤᠷ ᠬᠣᠲᠠ ᠶᠢᠨ 18 ᠍ ᠠᠴᠠ ᠳᠡᠭᠡᠭᠰᠢ ᠨᠠᠰᠤᠨ ᠤ ᠢᠷᠠᠭᠤ ᠨᠠᠶᠢᠷᠠᠭᠴᠢᠳ ᠨᠡᠭᠡᠭᠡᠯᠲᠡ ᠲᠡᠢ ᠪᠡᠷ ᠣᠷᠣᠯᠴᠠᠨ᠎ᠠ᠃ ᠨᠠᠶᠢᠷᠠᠭ ᠤᠨ ᠨᠠᠭᠠᠳᠤᠮ ᠤᠨ ᠲᠡᠷᠢᠭᠦᠨ ᠱᠠᠩᠨᠠᠯᠲᠠᠨ 1 ᠰᠠᠶ᠎ᠠ ᠲᠥᠭᠥᠷᠢᠭ ᠦᠨ ᠦᠨ᠎ᠡ ᠶᠢᠨ ᠳ᠋ᠦᠩ ᠪᠦᠬᠦᠢ ︽ᠬᠦᠷᠡᠩ ᠮᠣᠷᠢ︾ ᠴᠣᠮᠣ᠂ 500 ᠮᠢᠩᠭᠠᠨ ᠲᠥᠭᠥᠷᠢᠭ ᠦᠨ ᠱᠠᠩᠨᠠᠯ ᠬᠦᠷᠲᠡᠬᠦ ᠪᠣᠯ ᠳᠡᠳ᠋ ᠪᠠᠶᠢᠷᠢ 400 ᠮᠢᠩᠭ᠎ᠠ᠂ 3-5 ᠳ᠋ᠤᠭᠠᠷ ᠪᠠᠶᠢᠷᠢ 100-300 ᠮᠢᠩᠭᠠᠨ ᠲᠥᠭᠥᠷᠢᠭ ᠦᠨ ᠮᠥᠩᠭᠥᠨ ᠱᠠᠩᠨᠠᠯ ᠲᠠᠢ᠃