Toyoto ᠺᠣᠮᠫᠠᠨᠢ ᠪᠠᠶᠠᠷ ᠨᠠᠭᠠᠳᠤᠮ ᠤᠨ ᠺᠣᠮᠢᠰ ᠲᠠᠢ ᠵᠢᠷᠭᠤᠭ᠎ᠠ ᠳ᠋ᠡᠬᠢ ᠵᠢᠯ ᠳᠦ ᠪᠡᠨ ᠬᠠᠮᠲᠤᠷᠠᠨ ᠠᠵᠢᠯᠯᠠᠵᠤ ᠪᠠᠶᠢᠭ᠎ᠠ ᠪᠥᠭᠡᠳ ᠡᠮᠦᠨᠡᠬᠢ ᠲᠠᠪᠤᠨ ᠵᠢᠯ ᠳᠦ ᠲᠦᠷᠦᠭᠦᠯᠡᠭᠰᠡᠨ ᠪᠦᠬᠡ ᠳᠤ ᠮᠠᠰᠢᠨ ᠦᠭᠳᠡᠭ ᠪᠠᠶᠢᠭᠰᠠᠨ᠃ ᠬᠠᠷᠢᠨ ᠡᠨᠡ ᠵᠢᠯ ᠡᠴᠡ ᠮᠠᠰᠢᠨ ᠥᠭᠬᠦ ᠪᠡᠨ ᠪᠣᠯᠢᠵᠤ ᠪᠤᠢ ᠪᠠᠨ ᠮᠡᠳᠡᠭᠳᠡᠯ᠎ᠡ᠃ ᠪᠦᠬᠡ ᠳᠦ ᠳᠤᠷᠠᠰᠬᠠᠯ ᠤᠨ ᠴᠣᠮᠣ ᠥᠭᠬᠦ ᠪᠡᠷ ᠪᠣᠯᠤᠭᠰᠠᠨ ᠪᠥᠭᠡᠳ 7.13 ᠳᠤ ᠤᠶᠠᠭᠠᠴᠢᠳ ᠤᠨ ᠨᠠᠭᠠᠳᠤᠮ ᠳᠡᠭᠡᠷ᠎ᠡ ᠭᠠᠷᠳᠠᠭᠤᠯᠬᠤ ᠪᠠᠷ ᠪᠣᠯᠵᠠᠢ᠃ ᠲᠤᠰ ᠴᠣᠮᠣ ᠨᠢ 60 ᠺᠢᠯᠦᠭᠷᠡᠮ ᠵᠢᠩ ᠲᠠᠢ᠂ ᠴᠢᠳᠬᠤᠮᠠᠯ ᠮᠥᠩᠭᠥ ᠶᠢ ᠳᠥᠷᠪᠡᠨ ᠬᠦᠴᠦᠲᠡᠨ ᠪᠦᠬᠦᠢ ᠴᠡᠪᠡᠷ ᠠᠯᠲᠠ ᠪᠠᠷ ᠴᠢᠮᠡᠭᠯᠡᠭᠰᠡᠨ᠂ ᠤᠯᠠᠭᠠᠨ ᠬᠠᠰ᠂ ᠨᠣᠭᠣᠭᠠᠨ ᠬᠠᠰ᠂ ᠭᠠᠷᠲᠠᠮ᠎ᠠ᠂ ᠨᠣᠮᠢᠨ ᠰᠢᠭᠢᠳᠬᠡᠭᠡ ᠲᠡᠢ᠂ ᠭᠠᠨᠲᠢᠭ ᠴᠢᠯᠠᠭᠤᠨ ᠰᠠᠭᠤᠷᠢ ᠲᠠᠢ᠂ ᠪᠠᠲᠤᠨᠤᠷᠪᠤ ᠬᠢᠴᠡ ᠶᠢᠨ ᠠᠷᠭ᠎ᠠ ᠪᠠᠷᠢᠯ ᠢᠶᠠᠷ ᠤᠷᠠᠯᠠᠭᠰᠠᠨ ᠴᠣᠷ ᠭᠠᠭᠴᠠ ᠴᠣᠮᠣ ᠠᠵᠠᠢ᠃ ᠲᠡᠭᠦᠨᠴᠢᠯᠡᠨ ᠲᠤᠰ ᠺᠣᠮᠫᠠᠨᠢ ᠨᠡᠶᠢᠭᠡᠮ ᠤᠨ ᠬᠠᠷᠢᠭᠤᠴᠠᠯᠭ᠎ᠠ ᠶᠢᠨ ᠬᠦᠷᠢᠶᠡᠨ ᠳᠦ 150 ᠤᠨᠤᠭᠠᠴᠢ ᠬᠡᠦᠬᠡᠳ ᠲᠦ ᠪᠠᠷᠢᠮᠵᠢᠶ᠎ᠡ ᠱᠠᠭᠠᠷᠳᠠᠯᠭ᠎ᠠ ᠬᠠᠩᠭᠠᠭᠰᠠᠨ ᠬᠠᠮᠠᠭᠠᠯᠠᠯᠲᠠ ᠶᠢᠨ ᠬᠤᠪᠴᠠᠰᠤ ᠥᠭᠭᠦᠨ᠎ᠡ ᠬᠡᠮᠡᠯ᠎ᠡ᠃