ᠮᠣᠩᠭᠣᠯ ᠤᠨ ᠬᠥᠩᠭᠡᠨ ᠠᠲᠯᠧᠲ᠋ᠢᠭ ᠤᠨ ᠦᠨᠳᠦᠰᠦᠨ ᠦ ᠰᠢᠭᠰᠢᠭᠡ ᠪᠠᠭ᠂ ︽ᠠᠯᠳᠠᠷ︾ ᠰᠫᠣᠷᠲ ᠬᠣᠷᠢᠶᠠᠨ ᠤ ᠲᠠᠮᠢᠷᠴᠢᠨ᠂ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠪ∙ᠮᠦᠩᠬᠡᠵᠠᠶᠠᠭ᠎ᠠ ᠡᠨᠡ ᠣᠨ ᠤ ᠬᠣᠶᠠᠳᠤᠭᠠᠷ ᠰᠠᠷ᠎ᠠ ᠳᠤ ᠬᠤᠩᠺᠤᠩ ᠳᠤ ᠪᠣᠯᠤᠭᠰᠠᠨ ᠣᠯᠠᠨ ᠤᠯᠤᠰ ᠤᠨ ᠲᠡᠮᠡᠴᠡᠭᠡᠨ ᠳᠦ ᠵᠢᠷᠭᠤᠳᠤᠭᠠᠷ ᠪᠠᠶᠢᠷᠢ ᠳᠤ ᠰᠢᠯᠭᠠᠷᠠᠬᠤ ᠳᠤ ᠪᠠᠨ 2019 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ᠂ ︽ᠲᠣᠺᠢᠣ᠋-2020 ︾ ᠤᠯᠢᠮᠫ ᠲᠦ ᠬᠤᠷᠳᠤ ᠰᠣᠷᠢᠬᠤ ᠪᠣᠯᠵᠣᠯ ᠬᠠᠩᠭᠠᠭᠰᠠᠨ ᠪᠢᠯᠡ᠃ ᠠᠩᠬ᠎ᠠ 17 ᠨᠠᠰᠤᠨ ᠳᠤ ᠪᠠᠨ ᠡᠯ᠎ᠡ ᠰᠫᠣᠷᠲ ᠢᠶᠠᠷ ᠬᠢᠴᠢᠶᠡᠯᠯᠡᠨ᠂ ᠠᠮᠵᠢᠯᠲᠠ ᠶᠢᠨ ᠲᠥᠯᠥᠭᠡ ᠶᠢᠰᠦᠨ ᠵᠢᠯ ᠵᠢᠳᠬᠦᠵᠦ ᠪᠤᠢ ᠲᠡᠷᠡᠪᠡᠷ ᠠᠦᠢᠰᠲᠷᠠᠯᠢᠶ᠎ᠠ ᠳᠤ ᠥᠴᠥᠭᠡᠳᠦᠷ ᠪᠤᠶᠤ ᠳᠣᠯᠣᠳᠤᠭᠠᠷ ᠰᠠᠷ᠎ᠠ ᠶᠢᠨ 7᠍ ᠳᠦ ᠪᠣᠯᠤᠭᠰᠠᠨ ︽ᠠᠯᠲᠠᠨ ᠵᠠᠮ︾ ᠠᠩᠭᠢᠯᠠᠯ ᠤᠨ ᠲᠡᠮᠡᠴᠡᠭᠡᠨ ᠳᠦ ᠤᠷᠢᠯᠭ᠎ᠠ ᠪᠠᠷ ᠣᠷᠣᠯᠴᠠᠬᠤ ᠳᠤ ᠪᠠᠨ ᠣᠯᠢᠮᠫ ᠤᠨ ᠵᠠᠢ ᠪᠣᠯᠬᠤ ᠪᠦᠲᠦᠨ ᠮᠠᠷᠠᠹᠣᠨ ᠪᠤᠶᠤ 42 ᠺᠢᠯᠣᠮᠧᠲ᠋ᠷ ᠵᠠᠢ ᠳᠤ ᠬᠣᠶᠠᠷ ᠴᠠᠭ᠂ 29 ᠮᠢᠨᠦ᠋ᠲ᠂ 18 ᠰᠸᠺᠦ᠋ᠨᠲ ᠭᠦᠶᠦᠵᠦ᠂ ᠳᠦᠷᠪᠡᠳᠦᠭᠡᠷ ᠪᠠᠶᠢᠷᠢ ᠳᠤ ᠰᠢᠯᠭᠠᠷᠠᠵᠠᠢ᠃ ᠪ∙ᠮᠦᠩᠬᠡᠵᠠᠶᠠᠭ᠎ᠠ ᠬᠡᠳᠦᠢ ᠪᠡᠷ ᠮᠧᠳᠠᠯ ᠬᠦᠷᠲᠡᠭᠡ ᠦᠭᠡᠢ ᠴᠤ ︽ᠲᠣᠺᠢᠣ᠋-2020 ︾᠍ ᠳᠦ ᠦᠷᠢᠰᠦᠯᠳᠦᠬᠦ ᠪᠣᠯᠵᠣᠯ ᠳᠠᠬᠢᠨ ᠬᠠᠩᠭᠠᠵᠤ᠂ ᠤᠯᠤᠰ ᠤᠨ ᠢᠶᠠᠨ ᠳᠡᠭᠡᠳᠦ ᠠᠮᠵᠢᠯᠲᠠ ᠶᠢ ᠰᠢᠨᠡᠴᠢᠯᠡᠯ᠎ᠡ᠃ ᠲᠤᠰ ᠲᠡᠮᠡᠴᠡᠭᠡᠨ ᠳᠦ ᠮᠣᠩᠭᠣᠯ ᠤᠨ ᠲᠠᠪᠤᠨ ᠲᠠᠮᠢᠷᠴᠢᠨ ᠬᠤᠷᠳᠤ ᠰᠣᠷᠢᠭᠰᠠᠨ ᠠᠴᠠ ᠼ∙ᠪᠢᠮᠪᠠᠵᠠᠪ ᠠᠷᠪᠠᠨ ᠨᠢᠭᠡᠳᠦᠭᠡᠷ ᠪᠠᠶᠢᠷᠢ ᠳᠤ ᠰᠢᠯᠭᠠᠷᠠᠵᠤ᠂ ᠡᠨᠡ ᠵᠢᠯ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠤᠷᠤᠯᠴᠠᠬᠤ ᠡᠷᠬᠡ ᠠᠪᠤᠯ᠎ᠠ᠃
ᠪ∙ᠮᠦᠩᠬᠡᠵᠠᠶᠠᠭ᠎ᠠ ᠨᠢ ᠷᠢᠭ᠎ᠠ ᠶᠢᠨ ᠤᠯᠢᠮᠫ ᠲᠤ ᠠᠩᠬ᠎ᠠ ᠬᠤᠷᠳᠤ ᠰᠣᠷᠢᠬᠤ ᠳᠤ ᠪᠠᠨ 72 ᠳ᠋ᠤᠭᠠᠷ ᠪᠠᠶᠢᠷᠢ ᠳᠤ ᠰᠢᠯᠭᠠᠷᠠᠭᠰᠠᠨ ᠪᠥᠭᠡᠳ 3᠂ 5᠂ 10᠂ 21᠂ 42 ᠺᠢᠯᠣᠮᠧᠲ᠋ᠷ ᠭᠡᠰᠡᠨ ᠲᠠᠪᠤᠨ ᠵᠠᠢ ᠳᠤ ᠮᠣᠩᠭᠣᠯ ᠤᠯᠤᠰ ᠤᠨ ᠳᠡᠭᠡᠳᠦ ᠠᠮᠵᠢᠯᠲᠠ ᠶᠢ ᠡᠵᠡᠮᠰᠢᠳᠡᠭ᠃ ᠲᠡᠷᠡᠪᠡᠷ 2017 ᠣᠨ ᠳᠤ ᠲᠠᠶᠢᠸᠠᠨ ᠤ ᠮᠠᠷᠠᠹᠣᠨ ᠳᠤ ᠲᠦᠷᠦᠭᠦᠯᠬᠦ ᠳᠦ ᠪᠡᠨ ᠲᠤᠰ ᠲᠡᠮᠡᠴᠡᠭᠡᠨ ᠡᠴᠡ ᠠᠯᠲᠠᠨ ᠮᠧᠳᠠᠯ ᠬᠦᠷᠲᠡᠭᠰᠡᠨ ᠮᠣᠩᠭᠣᠯ ᠤᠨ ᠠᠩᠬᠠᠨ ᠤ᠂ ᠠᠽᠢᠶ᠎ᠠ ᠶᠢᠨ ᠬᠤᠶᠠᠳᠠᠬᠢ ᠲᠠᠮᠢᠷᠴᠢᠨ ᠪᠣᠯᠤᠭᠰᠠᠨ ᠶᠤᠮ᠃