ᠪᠠᠶᠠᠷ ᠨᠠᠭᠠᠳᠤᠮ ᠤᠨ ᠦᠨᠳᠦᠰᠦᠨ ᠦ ᠪᠥᠬᠡ ᠶᠢᠨ ᠰᠠᠯᠪᠤᠷᠢ ᠬᠣᠷᠢᠶᠠᠨ ᠠᠴᠠ ᠲᠤᠯᠭᠤᠷ ᠲᠥᠷᠥ ᠶᠢᠨ 2227᠂ ᠶᠡᠬᠡ ᠮᠣᠩᠭᠣᠯ ᠤᠯᠤᠰ ᠤᠨ 812᠂ ᠠᠷᠠᠳ ᠤᠨ ᠬᠤᠪᠢᠰᠬᠠᠯ ᠤᠨ 97 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠤᠨ ᠬᠦᠴᠦᠲᠦ ᠪᠥᠬᠡ ᠶᠢᠨ ᠪᠠᠷᠢᠯᠳᠤᠭᠠᠨ ᠳᠤ ᠤᠴᠠᠷᠠᠭ᠎ᠠ ᠪᠥᠬᠡ ᠨᠢ ᠰᠡᠷᠭᠦᠭᠡᠰᠢ ᠶᠢᠨ ᠲᠥᠷᠥᠯ ᠦᠨ ᠪᠣᠳᠠᠰ ᠬᠡᠷᠡᠭᠯᠡᠭᠰᠡᠨ ᠨᠢ ᠲᠣᠭᠲᠠᠭᠠᠭᠳᠠᠵᠤ᠂ ᠳᠠᠪᠠᠭ᠎ᠠ ᠶᠢ ᠬᠦᠴᠦᠨ ᠦᠭᠡᠢ ᠪᠣᠯᠭᠠᠭᠰᠠᠨ ᠲᠤᠯᠠ ᠠᠶᠢᠮᠠᠭ ᠤᠨ ᠠᠷᠰᠯᠠᠨ ᠪ∙ᠡᠷᠳᠡᠨᠢᠬᠦᠦ ᠳᠦ ᠤᠯᠤᠰ ᠤᠨ ᠨᠠᠴᠢᠨ ᠴᠣᠯᠠ ᠣᠯᠭᠣᠭᠤᠯᠬᠤ ᠰᠠᠨᠠᠯ ᠢ ᠮᠣᠩᠭᠣᠯ ᠤᠯᠤᠰ ᠤᠨ ᠶᠡᠷᠦᠩᠬᠡᠶᠢᠯᠡᠭᠴᠢ ᠳᠦ ᠤᠯᠠᠮᠵᠢᠯᠠᠬᠤ ᠪᠠᠷ ᠲᠣᠭᠲᠠᠭᠰᠠᠨ᠃ ᠮᠥᠨ ᠤᠯᠤᠰ ᠤᠨ ᠨᠠᠴᠢᠨ ᠴ∙ᠬᠥᠬᠡᠴᠢᠷᠡᠩᠭᠡᠷ ᠲᠦ ︽ᠥᠰᠬᠦ ᠢᠳᠡᠷ︾ ᠴᠢᠮᠡᠭ ᠣᠯᠭᠤᠬᠤ ᠪᠠᠷ ᠵᠢᠷᠭᠤᠳᠤᠭᠠᠷ ᠰᠠᠷ᠎ᠠ ᠶᠢᠨ 19 ᠍ ᠦ ᠡᠳᠦᠷ ᠦᠨ ᠬᠤᠷᠠᠯ ᠢᠶᠠᠷ ᠰᠢᠢᠳᠪᠦᠷᠢᠯᠡᠭᠡᠳ ᠪᠠᠶᠢᠭᠰᠠᠨ ᠪᠢᠯᠡ᠃ ᠲᠡᠭᠡᠪᠡᠯ ᠡᠨᠡᠬᠦ ᠰᠢᠢᠳᠪᠦᠷᠢ ᠶᠢᠨ ᠳᠠᠭᠠᠤ ᠰᠢᠨ᠎ᠡ ᠴᠣᠯᠠᠲᠠᠨ ᠨᠤᠭᠤᠳ ᠨᠠᠭᠠᠳᠤᠮ ᠤᠨ ᠡᠮᠦᠨ᠎ᠡ ᠨᠡᠮᠡᠭᠳᠡᠯ᠎ᠡ᠃
ᠥᠴᠥᠭᠡᠳᠦᠷ ︵2019.06.30︶ ᠪᠣᠯᠤᠭᠰᠠᠨ ︽ᠬᠥᠪᠰᠥᠭᠥᠯ ᠦᠨ ᠬᠦᠴᠦᠲᠡᠨ︾ ᠳᠡᠪᠵᠢᠶᠡᠨ ᠣ ᠰᠣᠷᠢᠯᠭ᠎ᠠ ᠪᠠᠷᠢᠯᠳᠤᠭᠠᠨ ᠳᠤ ᠤᠯᠤᠰ ᠤᠨ ᠥᠰᠬᠦ ᠢᠳᠡᠷ ᠨᠠᠴᠢᠨ ᠴ∙ᠬᠥᠬᠡᠴᠢᠷᠡᠩᠭᠡᠷ ᠲᠦᠷᠦᠭᠦᠯᠡᠵᠦ᠂ ᠡ᠊ ∙ ᠪᠠᠰᠠᠩᠵᠠᠪ ᠠᠷᠰᠯᠠᠨ ᠦᠵᠦᠭᠦᠷᠯᠡᠵᠡᠢ᠃ ᠪᠠᠷᠢᠯᠳᠤᠭᠠᠨ ᠤ ᠦᠶ᠎ᠡ ᠪᠡᠷ ᠴ∙ᠬᠥᠬᠡᠴᠢᠷᠡᠩᠭᠡᠷ ᠲᠦ ᠮᠣᠩᠭᠣᠯ ᠤᠯᠤᠰ ᠤᠨ ᠰᠢᠳᠠᠷ ᠰᠠᠶᠢᠳ᠂ ᠤᠯᠤᠰ ᠤᠨ ᠶᠡᠬᠡ ᠬᠤᠷᠠᠯ ᠤᠨ ᠭᠡᠰᠢᠭᠦᠨ ᠥ᠊∙ᠡᠩᠬᠡᠲ᠋ᠦ᠋ᠪᠰᠢᠨ ᠪᠠᠶᠠᠷ ᠬᠦᠷᠭᠡᠭᠰᠡᠨ ᠪᠠᠶᠢᠨ᠎ᠠ᠃ ᠮᠣᠩᠭᠣᠯ ᠤᠯᠤᠰ ᠤᠨ ᠨᠠᠴᠢᠨ ᠴ∙ᠬᠥᠬᠡᠴᠢᠷᠡᠩᠭᠡᠷ ︽ᠥᠰᠬᠦ ᠢᠳᠡᠷ ᠨᠠᠴᠢᠨ︾ ᠪᠣᠯᠵᠤ᠂ ᠳᠡᠪᠵᠢᠶᠡᠨ ᠦ ᠰᠣᠷᠢᠯᠭ᠎ᠠ ᠪᠠᠷᠢᠯᠳᠤᠭᠠᠨ ᠳᠤ ᠪᠠᠨ ᠣᠳᠣ ᠲᠠᠢ ᠨᠠᠭᠠᠳᠤᠯ᠎ᠠ᠃