ᠣᠷᠴᠢᠨ ᠴᠠᠭ ᠤᠨ ᠲᠠᠩᠨᠠᠭᠤᠯ ᠤᠨ ᠪᠠᠶᠢᠭᠤᠯᠤᠯᠭ᠎ᠠ ᠪᠠᠶᠢᠭᠤᠯᠤᠭᠳᠠᠭᠰᠠᠨ ᠤ 97 ᠵᠢᠯ ᠦᠨ ᠣᠢ᠂ ᠲᠠᠩᠨᠠᠭᠤᠯ ᠤᠨ ᠠᠵᠢᠯᠲᠠᠨ ᠤ ᠡᠳᠦᠷ ᠲᠦ ᠵᠣᠷᠢᠭᠤᠯᠤᠨ ᠲᠠᠩᠨᠠᠭᠤᠯ ᠤᠨ ᠶᠡᠷᠦᠩᠬᠡᠢ ᠭᠠᠵᠠᠷ ᠤᠨ ᠲᠤᠰᠬᠠᠢ ᠠᠷᠬᠢᠪ ᠂ ᠦᠨᠳᠦᠰᠦᠨ ᠦ ᠲᠡᠦᠬᠡ ᠶᠢᠨ ᠮᠦᠽᠧᠢ ᠲᠡᠢ ᠬᠠᠮᠲᠤᠷᠠᠨ ︽ᠲᠠᠩᠨᠠᠭᠤᠯ ᠤᠨ ᠪᠠᠶᠢᠭᠤᠯᠤᠯᠭ᠎ᠠ ᠶᠢᠨ ᠲᠠᠮᠠᠭ᠎ᠠ ᠲᠡᠮᠳᠡᠭ︾ ᠰᠡᠳᠦᠪᠴᠢᠯᠡᠭᠰᠡᠨ ᠦᠵᠡᠰᠬᠦᠯᠡᠩ ᠢ 2019 ᠣᠨ ᠤ 7 ᠳ᠋ᠤᠭᠠᠷ ᠰᠠᠷ᠎ᠠ ᠶᠢᠨ 01 – 16 ᠍ ᠤ ᠡᠳᠦᠷ ᠢ ᠬᠦᠷᠲᠡᠯ᠎ᠡ ᠮᠣᠩᠭᠣᠯ ᠤᠨ ᠦᠨᠳᠦᠰᠦᠨ ᠦ ᠮᠦᠽᠧᠢ ᠶᠢᠨ ᠲᠦᠷ ᠦᠵᠡᠰᠬᠦᠯᠡᠩ ᠦᠨ ᠲᠠᠩᠬᠢᠮ ᠳᠤ ᠵᠣᠬᠢᠶᠠᠨ ᠪᠠᠶᠢᠭᠤᠯᠵᠤ ᠪᠠᠶᠢᠨ᠎ᠠ᠃
2022 ᠣᠨ ᠳᠤ ᠲᠠᠩᠨᠠᠭᠤᠯ ᠤᠨ ᠪᠠᠶᠢᠭᠤᠯᠤᠯᠭ᠎ᠠ ᠶᠢᠨ ᠲᠡᠦᠬᠡᠲᠦ 100 ᠵᠢᠯ ᠦᠨ ᠣᠢ ᠲᠣᠬᠢᠶᠠᠨ᠎ᠠ᠃ ᠵᠠᠭᠤᠨ ᠢᠶᠠᠷ ᠲᠣᠭᠠᠯᠠᠭᠳᠠᠬᠤ ᠲᠡᠦᠬᠡ ᠲᠡᠢ ᠮᠣᠩᠭᠣᠯ ᠤᠨ ᠲᠠᠩᠨᠠᠭᠤᠯ ᠤᠨ ᠪᠠᠶᠢᠭᠤᠯᠤᠯᠭ᠎ᠠ ᠲᠠᠮᠠᠭ᠎ᠠ᠂ ᠲᠡᠮᠳᠡᠭ ᠦᠨ ᠵᠥᠪᠰᠢᠶᠡᠷᠡᠯ ᠣᠯᠭᠣᠬᠤ᠂ ᠦᠢᠯᠡᠳᠪᠦᠷᠢᠯᠡᠬᠦ᠂ ᠠᠰᠢᠭᠯᠠᠯᠲᠠ ᠳᠤ ᠬᠢᠨᠠᠯᠲᠠ ᠲᠠᠯᠪᠢᠬᠤ ᠠᠰᠠᠭᠤᠳᠠᠯ ᠢ ᠬᠠᠷᠢᠭᠤᠴᠠᠵᠤ᠂ ᠲᠠᠮᠠᠭ᠎ᠠ᠂ ᠲᠡᠮᠳᠡᠭ ᠢ ᠬᠡᠷᠡᠭᠯᠡᠬᠦ ᠵᠢᠭᠠᠪᠤᠷᠢ᠂ ᠳᠦᠷᠢᠮ ᠢ ᠮᠥᠷᠳᠡᠭᠦᠯᠵᠦ᠂ ᠲᠠᠮᠠᠭ᠎ᠠ᠂ ᠲᠡᠮᠳᠡᠭ ᠲᠠᠰᠢᠶᠠᠷᠠᠨ ᠳᠠᠷᠤᠭᠰᠠᠨ ᠡᠲᠡᠭᠡᠳ ᠲᠦ ᠬᠠᠷᠢᠭᠤᠴᠠᠯᠭ᠎ᠠ ᠲᠣᠭᠠᠴᠠᠳᠠᠭ ᠵᠢᠷᠤᠮ ᠲᠠᠢ ᠪᠠᠶᠢᠭᠰᠠᠨ ᠨᠢ ᠲᠥᠷᠥ ᠶᠢᠨ ᠦᠢᠯᠡ ᠬᠡᠷᠡᠭ ᠢ ᠬᠡᠯᠪᠡᠷᠢᠯᠲᠡ ᠦᠭᠡᠢ ᠴᠢᠩᠳᠠ ᠶᠠᠪᠤᠭᠤᠯᠬᠤ ᠶᠢᠨ ᠪᠠᠲᠤᠯᠠᠭ᠎ᠠ ᠪᠠᠶᠢᠵᠠᠢ᠃ ᠲᠠᠩᠨᠠᠭᠤᠯ ᠤᠨ ᠪᠠᠶᠢᠭᠤᠯᠤᠯᠭ᠎ᠠ ᠨᠢ 1922 ᠣᠨ ᠤ 7 ᠳ᠋ᠤᠭᠠᠷ ᠰᠠᠷ᠎ᠠ ᠶᠢᠨ 3 ᠳᠦ ᠵᠠᠰᠠᠭ ᠤᠨ ᠭᠠᠵᠠᠷ ᠤᠨ 28 ᠳ᠋ᠤᠭᠠᠷ ᠬᠤᠷᠠᠯ ᠤᠨ ᠲᠣᠭᠲᠠᠭᠠᠯ ᠢᠶᠠᠷ ᠳᠣᠲᠣᠭᠠᠳᠤ ᠶᠢ ᠬᠠᠮᠠᠭᠠᠯᠠᠬᠤ ᠭᠠᠵᠠᠷ ᠬᠡᠮᠡᠨ ᠪᠠᠶᠢᠭᠤᠯᠤᠭᠳᠠᠭᠰᠠᠨ ᠴᠠᠭ ᠠᠴᠠ ᠡᠬᠢᠯᠡᠨ ᠰᠢᠭᠦᠬᠦ ᠶᠠᠪᠤᠳᠠᠯ ᠤᠨ ᠶᠠᠮᠤᠨ ᠤ ᠪᠢᠴᠢᠭᠡᠴᠢ ᠳ∙ᠴᠡᠷᠡᠩᠫᠢᠯ᠂ ᠪᠠᠯᠳᠠᠨ᠂ ᠰᠸᠸᠠᠩᠨᠤᠷᠪᠤ ᠨᠠᠷ ᠤᠨ ᠬᠦᠮᠦᠰ ᠬᠠᠭᠤᠷᠠᠮᠴᠢ ᠪᠢᠴᠢᠭ ᠦᠢᠯᠡᠳᠴᠦ᠂ ᠮᠠᠨᠵᠤᠰᠢᠷᠢ ᠬᠤᠲᠤᠭᠲᠤ ᠪᠠᠷ ᠲᠠᠮᠠᠭ᠎ᠠ ᠳᠠᠷᠤᠭᠤᠯᠬᠤ ᠶᠢ ᠣᠷᠣᠯᠳᠤᠭᠰᠠᠨ ᠵᠡᠷᠭᠡ ᠲᠠᠮᠠᠭ᠎ᠠ᠂ ᠲᠡᠮᠳᠡᠭ᠂ ᠠᠯᠪᠠᠨ ᠪᠢᠴᠢᠭ ᠬᠠᠭᠤᠷᠠᠮᠴᠢ ᠪᠠᠷ ᠦᠢᠯᠡᠳᠦᠭᠰᠡᠨ ᠬᠡᠷᠡᠭ ᠦᠳ ᠢ ᠢᠯᠡᠷᠡᠭᠦᠯᠵᠦ᠂ ᠲᠠᠰᠤᠯᠤᠨ ᠵᠣᠭᠰᠣᠭᠠᠵᠤ ᠢᠷᠡᠭᠰᠡᠨ ᠲᠡᠦᠬᠡ ᠲᠡᠢ᠃ ᠤᠯᠠᠮ ᠢᠶᠠᠷ 1924 ᠣᠨ ᠳᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠠᠩᠬᠠᠳᠤᠭᠠᠷ ᠦᠨᠳᠦᠰᠦᠨ ᠬᠠᠤᠯᠢ ᠪᠠᠲᠤᠯᠠᠭᠳᠠᠭᠰᠠᠨ ᠲᠠᠢ ᠬᠣᠯᠪᠣᠭᠳᠠᠭᠤᠯᠤᠨ ᠳᠣᠲᠣᠭᠠᠳᠤ ᠶᠢ ᠬᠠᠮᠠᠭᠠᠯᠠᠬᠤ ᠭᠠᠵᠠᠷ ᠨᠢ ᠤᠯᠤᠰ ᠤᠨ ᠬᠡᠮᠵᠢᠶᠡᠨ ᠳᠦ ᠲᠠᠮᠠᠭ᠎ᠠ᠂ ᠲᠡᠮᠳᠡᠭ ᠦᠨ ᠵᠥᠪᠰᠢᠶᠡᠷᠡᠯ ᠣᠯᠭᠣᠬᠤ᠂ ᠦᠢᠯᠡᠳᠪᠦᠷᠢᠯᠡᠬᠦ᠂ ᠠᠰᠢᠭᠯᠠᠯᠲᠠ ᠳᠤ ᠬᠢᠨᠠᠯᠲᠠ ᠲᠠᠯᠪᠢᠬᠤ ᠠᠰᠠᠭᠤᠳᠠᠯ ᠢ ᠬᠠᠷᠢᠭᠤᠴᠠᠵᠤ ᠪᠠᠶᠢᠭᠰᠠᠨ ᠪᠥᠭᠡᠳ ᠲᠠᠮᠠᠭ᠎ᠠ᠂ ᠲᠡᠮᠳᠡᠭ ᠬᠡᠷᠡᠭᠯᠡᠬᠦ ᠵᠢᠭᠠᠪᠤᠷᠢ ᠳᠦᠷᠢᠮ ᠢ ᠪᠣᠯᠪᠠᠰᠤᠷᠠᠭᠤᠯᠵᠤ᠂ ᠲᠠᠮᠠᠭ᠎ᠠ᠂ ᠲᠡᠮᠳᠡᠭ ᠲᠠᠰᠢᠶᠠᠷᠠᠨ ᠳᠠᠷᠤᠭᠰᠠᠨ ᠡᠲᠡᠭᠡᠳ ᠲᠦ ᠬᠠᠷᠢᠭᠤᠴᠠᠯᠭ᠎ᠠ ᠲᠣᠭᠠᠴᠠᠬᠤ ᠳᠦᠷᠢᠮ ᠢ ᠪᠣᠯᠪᠠᠰᠤᠷᠠᠭᠤᠯᠤᠨ ᠲᠥᠷᠥ ᠶᠢᠨ ᠪᠠᠶᠢᠭᠤᠯᠤᠯᠭ᠎ᠠ ᠨᠤᠭᠤᠳ ᠲᠤ ᠮᠥᠷᠳᠡᠭᠦᠯᠵᠦ ᠢᠷᠡᠵᠡᠢ᠃
ᠦᠵᠡᠰᠬᠦᠯᠡᠩ ᠳᠦ ᠳᠣᠲᠣᠭᠠᠳᠤ ᠶᠢ ᠬᠠᠮᠠᠭᠠᠯᠠᠬᠤ ᠭᠠᠵᠠᠷ ᠤᠨ ᠠᠩᠬᠠᠨ ᠤ ᠲᠡᠮᠳᠡᠭ᠂ ᠦᠪᠦᠷ ᠮᠤᠩᠭᠤᠯ ᠤᠨ ᠠᠷᠠᠳ ᠤᠨ ᠨᠠᠮ ᠤᠨ ᠲᠥᠪ ᠬᠣᠷᠢᠶᠠᠨ ᠤ ᠮᠣᠳᠣᠨ ᠲᠠᠮᠠᠭ᠎ᠠ᠂ ᠪᠦᠬᠦ ᠮᠣᠩᠭᠣᠯ ᠤᠨ ᠬᠤᠪᠢᠰᠬᠠᠯᠲᠤ ᠵᠠᠯᠠᠭᠤᠴᠤᠳ ᠤᠨ ᠡᠪᠯᠡᠯ ᠦᠨ ᠲᠥᠪ ᠬᠣᠷᠢᠶᠠᠨ ᠤ ᠲᠠᠮᠠᠭ᠎ᠠ ᠵᠡᠷᠭᠡ 100 ᠭᠠᠷᠤᠢ ᠲᠠᠮᠠᠭ᠎ᠠ᠂ ᠲᠡᠮᠳᠡᠭ ᠢ ᠳᠡᠯᠭᠡᠨ ᠲᠣᠯᠢᠯᠠᠭᠤᠯᠵᠤ ᠪᠠᠶᠢᠨ᠎ᠠ᠃