ᠦᠽᠪᠸᠺᠰᠲ᠋ᠠᠨ ᠤᠯᠤᠰ ᠲᠤ ᠪᠣᠯᠵᠤ ᠪᠤᠢ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠵᠠᠭᠤᠨ ᠪᠠᠭᠤᠳᠠᠯᠲᠤ ᠳᠠᠭᠠᠮ ᠤᠨ ᠦᠨᠳᠦᠰᠦᠨ ᠲᠥᠷᠥᠯ ᠥᠨᠳᠥᠷᠯᠡᠯ᠎ᠡ᠃ ᠡᠨᠡ ᠲᠥᠷᠥᠯ ᠡᠴᠡ ᠮᠠᠨ ᠤ ᠲᠠᠮᠢᠷᠴᠢᠳ 6 ᠠᠯᠲᠠ᠂ 5 ᠮᠥᠩᠭᠥ᠂ 3 ᠬᠦᠷᠡᠯ ᠮᠧᠳᠠᠯ ᠬᠦᠷᠲᠡᠯ᠎ᠡ᠃ ᠡᠷᠡᠭᠲᠡᠶᠢᠴᠦᠳ ᠦᠨ ᠠᠩᠭᠢᠯᠠᠯ ᠳᠤ ᠲᠦᠷᠦᠭᠦᠯᠡᠭᠰᠡᠨ ᠪᠠᠭᠠᠲᠤᠷᠰᠦ᠋ᠬᠡ ᠶᠢᠨ ᠮᠥᠩᠬᠡᠵᠢᠨ᠂ ᠡᠮᠡᠭᠲᠡᠢ ᠠᠩᠭᠢᠯᠠᠯ ᠳᠤ ᠠᠪᠤᠷᠭᠤᠯᠠᠭᠰᠠᠨ ᠪᠠᠶᠠᠷ ᠤᠨ ᠮᠢᠰᠢᠶᠡᠯ ᠨᠠᠷ ᠣᠯᠠᠨ ᠤᠯᠤᠰ ᠤᠨ ᠶᠡᠬᠡ ᠮᠠᠰᠲ᠋ᠸᠷ ᠴᠣᠯᠠᠨ ᠤ ᠪᠣᠯᠵᠣᠯ ᠢ ᠬᠠᠩᠭᠠᠭᠰᠠᠨ ᠪᠠᠶᠢᠨ᠎ᠠ᠃ ᠲᠡᠷᠡᠴᠢᠯᠡᠨ ᠠᠬᠠᠮᠠᠳ ᠤᠨ ᠠᠩᠭᠢᠯᠠᠯ ᠳᠤ ᠰᠫᠣᠷᠲ ᠤᠨ ᠮᠠᠰᠲ᠋ᠸᠷ ᠳ∙ᠳᠣᠷᠵᠢ᠂ U-17 ᠨᠠᠰᠤᠨ ᠤ ᠦᠬᠢᠳ ᠤᠨ ᠠᠩᠭᠢᠯᠠᠯ ᠳᠤ ᠳᠡᠳ᠋ ᠮᠠᠰᠲ᠋ᠸᠷ ᠤ᠊∙ᠪᠠᠶᠠᠷᠵᠢᠷᠭᠠᠯ᠂ U-14 ᠨᠠᠰᠤᠨ ᠤ ᠦᠬᠢᠳ ᠤᠨ ᠠᠩᠭᠢᠯᠠᠯ ᠳᠤ ᠰᠫᠣᠷᠲ ᠤᠨ ᠮᠠᠰᠲ᠋ᠸᠷ ᠨ∙ᠯᠾᠬᠠᠪᠠᠳᠤᠯᠭᠤᠷ᠂ U-8 ᠨᠠᠰᠤᠨ ᠤ ᠦᠬᠢᠳ ᠤᠨ ᠠᠩᠭᠢᠯᠠᠯ ᠳᠤ ᠨᠢᠭᠡᠳᠦᠭᠡᠷ ᠵᠡᠷᠭᠡ ᠶᠢᠨ ᠲᠠᠮᠢᠷᠴᠢᠨ ᠭ∙ᠭᠤᠸᠠᠮᠠᠷᠠᠯ ᠨᠠᠷ ᠠᠯᠲᠠᠨ ᠮᠧᠳᠠᠯ ᠤᠨ ᠡᠵᠡᠳ ᠪᠣᠯᠵᠠᠢ᠃