ᠦᠬᠡᠷ ᠦᠨ ᠶᠠᠰᠤ ᠲᠠᠢ ᠮᠢᠬ᠎ᠠ ᠪᠠᠭ᠎ᠠ ᠬᠢᠮᠳᠠᠷᠠᠵᠠᠢ | News.MN

ᠦᠬᠡᠷ ᠦᠨ ᠶᠠᠰᠤ ᠲᠠᠢ ᠮᠢᠬ᠎ᠠ ᠪᠠᠭ᠎ᠠ ᠬᠢᠮᠳᠠᠷᠠᠵᠠᠢ

ᠮᠢᠬᠠᠨ ᠤ ᠳᠤᠮᠳᠠᠴᠢ ᠦᠨ᠎ᠡ᠄ ᠡᠨᠡ ᠰᠠᠷ᠎ᠠ ᠶᠢᠨ ᠳᠦᠷᠪᠡᠳᠦᠭᠡᠷ ᠳᠣᠯᠣᠭ᠎ᠠ ᠬᠣᠨᠣᠭ ᠲᠤ ᠬᠣᠨᠢᠨ ᠤ ᠶᠠᠰᠤ ᠲᠠᠢ ᠮᠢᠬ᠎ᠠ ᠨᠢᠭᠡ ᠺᠢᠯᠦᠭᠷᠡᠮ ᠨᠢ ᠳᠤᠮᠳᠠᠴᠢ ᠪᠠᠷ 10 ᠮᠢᠩᠭ᠎ᠠ 440 ᠲᠥᠭᠥᠷᠢᠭ᠂ ᠦᠬᠡᠷ ᠦᠨ ᠶᠠᠰᠤ ᠲᠠᠢ ᠮᠢᠬ᠎ᠠ ᠨᠢᠭᠡ ᠺᠢᠯᠦᠭᠷᠡᠮ ᠨᠢ ᠳᠤᠮᠳᠠᠴᠢ ᠪᠠᠷ 11 ᠮᠢᠩᠭ᠎ᠠ 614 ᠲᠥᠭᠥᠷᠢᠭ ᠦᠨ ᠦᠨ᠎ᠡ ᠲᠡᠢ ᠪᠠᠶᠢᠨ᠎ᠠ᠃ ᠦᠬᠡᠷ ᠦᠨ ᠶᠠᠰᠤ ᠲᠠᠢ ᠮᠢᠬᠠᠨ ᠤ ᠦᠨ᠎ᠡ ᠡᠮᠦᠨᠡᠬᠢ ᠳᠣᠯᠣᠭ᠎ᠠ ᠬᠣᠨᠣᠭ ᠲᠠᠢ ᠬᠠᠷᠢᠴᠠᠭᠤᠯᠬᠤ ᠳᠤ 113 ᠲᠥᠭᠥᠷᠢᠭ ᠢᠶᠡᠷ  ᠪᠠᠭᠤᠷᠠᠵᠠᠢ᠂ ᠬᠠᠷᠢᠨ ᠦᠬᠡᠷ ᠦᠨ ᠴᠤᠯᠤ ᠮᠢᠬᠠᠨ ᠤ ᠦᠨ᠎ᠡ 52 ᠲᠥᠭᠥᠷᠢᠭ ᠢᠶᠡᠷ ᠥᠰᠦᠭᠰᠡᠨ ᠪᠠᠶᠢᠨ᠎ᠠ᠃ ᠡᠮᠦᠨᠡᠬᠢ ᠳᠣᠯᠣᠭ᠎ᠠ ᠬᠣᠨᠣᠭ ᠲᠠᠢ ᠬᠠᠷᠢᠴᠠᠭᠤᠯᠬᠤ ᠳᠤ ᠬᠣᠨᠢᠨ ᠤ ᠶᠠᠰᠤ ᠲᠠᠢ ᠮᠢᠬᠠᠨ ᠤ ᠦᠨ᠎ᠡ 44 ᠲᠥᠭᠥᠷᠢᠭ ᠢᠶᠡᠷ ᠬᠣᠨᠢᠨ ᠤ ᠴᠤᠯᠤ ᠮᠢᠬᠠᠨ ᠤ ᠦᠨ᠎ᠡ 242 ᠲᠥᠭᠥᠷᠢᠭ ᠢᠶᠡᠷ ᠪᠠᠭᠤᠷᠠᠭᠰᠠᠨ ᠪᠠᠶᠢᠯ᠎ᠠ᠃

ᠭᠤᠯᠢᠷ ᠤᠨ ᠦᠨ᠎ᠡ᠄ ᠡᠨᠡ ᠰᠠᠷ᠎ᠠ ᠶᠢᠨ ᠳᠦᠷᠪᠡᠳᠦᠭᠡᠷ ᠳᠣᠯᠣᠭ᠎ᠠ ᠬᠣᠨᠣᠭ ᠲᠤ ᠨᠡᠶᠢᠰᠯᠡᠯ ᠦᠨ ᠬᠦᠨᠡᠰᠦᠨ ᠦ ᠲᠣᠮᠣᠬᠠᠨ ᠵᠠᠬ᠎ᠠ᠂ ᠳᠡᠯᠭᠡᠭᠦᠷ ᠲᠦ ︽ᠠᠯᠲᠠᠨ ᠲᠠᠷᠢᠶ᠎ᠠ︾ ᠰᠠᠪᠠᠯᠠᠭᠰᠠᠨ ᠨᠢᠭᠡ ᠺᠢᠯᠦᠭᠷᠡᠮ ᠭᠤᠯᠢᠷ ᠤᠨ ᠦᠨ᠎ᠡ ᠳᠡᠭᠡᠳᠦ ᠵᠡᠷᠭᠡ ᠨᠢ 1300-1500 ᠲᠥᠭᠥᠷᠢᠭ᠂ 1 ᠳᠦᠭᠡᠷ ᠵᠡᠷᠭᠡ ᠶᠢᠨ ᠬᠢ 1000-1200 ᠲᠥᠭᠥᠷᠢᠭ᠂ 2 ᠳ᠋ᠤᠭᠠᠷ ᠵᠡᠷᠭᠡ ᠶᠢᠨ ᠬᠢ 800-1000 ᠲᠥᠭᠥᠷᠢᠭ ᠪᠠᠶᠢᠨ᠎ᠠ᠃
ᠬᠦᠨᠡᠰᠦᠨ ᠦ ᠨᠤᠭᠤᠭᠠᠨ ᠤ ᠦᠨ᠎ᠡ᠄ ᠡᠮᠦᠨᠡᠬᠢ ᠳᠣᠯᠣᠭ᠎ᠠ ᠬᠣᠨᠣᠭ ᠲᠠᠢ ᠬᠠᠷᠢᠴᠠᠭᠤᠯᠬᠤ ᠳᠤ ᠮᠣᠩᠭᠣᠯ ᠯᠤᠤᠪᠠᠩ 1.5 ᠬᠤᠪᠢ ᠪᠠᠷ ᠪᠠᠭᠤᠷᠠᠵᠤ᠂ 1635 ᠲᠥᠭᠥᠷᠢᠭ ᠢᠶᠡᠷ᠂ ᠴᠠᠭᠠᠨ ᠨᠤᠭᠤᠭ᠎ᠠ 3.9 ᠬᠤᠪᠢ ᠪᠠᠷ  ᠪᠠᠭᠤᠷᠠᠵᠤ᠂ 2344 ᠲᠥᠭᠥᠷᠢᠭ ᠢᠶᠡᠷ ᠲᠤᠰ ᠲᠤᠰ ᠬᠤᠳᠠᠯᠳᠤᠭᠠᠯᠠᠭᠳᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ