︽ᠭᠠᠯᠳᠠᠨ ᠪᠤᠱᠤᠭᠲᠤ ︾ ᠬᠠᠭᠠᠨ ᠤ ᠲᠤᠬᠠᠢ ᠰᠢᠨ᠎ᠡ ᠨᠣᠮ ︽ᠮᠡᠨᠳᠦᠯᠡᠯ᠎ᠡ︾  | News.MN

︽ᠭᠠᠯᠳᠠᠨ ᠪᠤᠱᠤᠭᠲᠤ ︾ ᠬᠠᠭᠠᠨ ᠤ ᠲᠤᠬᠠᠢ ᠰᠢᠨ᠎ᠡ ᠨᠣᠮ ︽ᠮᠡᠨᠳᠦᠯᠡᠯ᠎ᠡ︾ 

ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠨᠣᠮ ᠤᠨ ᠰᠠᠩ ᠳᠤ ᠥᠨᠥᠳᠥᠷ ︵2019.06.26 ︶  ︽ᠬᠣᠪᠳᠣ ᠠᠶᠢᠮᠠᠭ ᠤᠨ ᠬᠥᠭᠵᠢᠯ ᠦᠨ ᠲᠥᠯᠥᠭᠡ ︾ ᠰᠠᠩ ᠤᠨ ᠲᠡᠷᠢᠭᠦᠨ᠂ ᠬᠠᠤᠯᠢᠴᠢ᠂ ᠰᠡᠳᠬᠦᠯᠴᠢ ᠱ∙ᠠᠳᠢᠱᠠ ᠶᠢᠨ ᠡᠮᠬᠢᠳᠬᠡᠭᠰᠡᠨ ︽ᠭᠠᠯᠳᠠᠨ ᠪᠤᠱᠤᠭᠲᠤ︾ ᠨᠣᠮ ᠤᠨ ᠨᠡᠭᠡᠭᠡᠯᠲᠡ ᠶᠢᠨ ᠶᠣᠰᠣᠯᠠᠯ ᠪᠣᠯᠤᠯ᠎ᠠ᠃ ᠨᠣᠮ ᠤᠨ ᠨᠡᠭᠡᠭᠡᠯᠲᠡ ᠳᠦ ᠠᠺᠠᠳᠧᠮᠢᠴᠢ ᠳ∙ᠴᠡᠷᠡᠩᠰᠤᠳᠨᠠᠮ᠂ ᠵᠢᠷᠤᠬᠠᠶᠢᠴᠢ ᠰᠤᠳᠤᠯᠤᠭᠠᠴᠢ ᠯ∙ᠲᠡᠷᠡᠪᠢᠰᠢ᠂ ᠠᠷᠠᠳ ᠤᠨ ᠤᠷᠠᠨ ᠵᠣᠬᠢᠶᠠᠯᠴᠢ ᠲ∙ᠭᠠᠯᠰᠠᠩ ᠨᠠᠷ ᠤᠨ ᠣᠯᠠᠨ ᠤ ᠲᠠᠨᠢᠯ᠂ ᠨᠡᠷ᠎ᠡ ᠬᠦᠨᠳᠦᠲᠡᠢ ᠬᠦᠮᠦᠰ ᠬᠦᠷᠦᠯᠴᠡᠨ ᠢᠷᠡᠭᠰᠡᠨ ᠪᠠᠶᠢᠯ᠎ᠠ᠃ ᠮᠥᠨ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠮᠣᠩᠭᠣᠯ ᠰᠤᠳᠤᠯᠤᠯ ᠤᠨ ᠬᠦᠷᠢᠶᠡᠯᠡᠩ᠂ ᠲᠤᠰ ᠰᠤᠷᠭᠠᠭᠤᠯᠢ ᠶᠢᠨ ᠲᠡᠦᠬᠡ ᠶᠢᠨ ᠲᠠᠩᠬᠢᠮ᠂ ︽ᠬᠣᠪᠳᠣ ᠠᠶᠢᠮᠠᠭ ᠤᠨ ᠬᠥᠭᠵᠢᠯ ᠦᠨ ᠲᠥᠯᠥᠭᠡ ᠰᠠᠩ︾ ᠠᠴᠠ ᠬᠠᠮᠲᠤᠷᠠᠨ ᠭᠠᠯᠳᠠᠨ ᠪᠤᠱᠤᠭᠲᠤ ᠬᠠᠭᠠᠨ ᠤ ᠮᠡᠨᠳᠦᠯᠡᠭᠰᠡᠨ ᠦ 375 ᠵᠢᠯ ᠦᠨ ᠣᠢ ᠳᠤ ᠵᠣᠷᠢᠭᠤᠯᠵᠤ᠂  ︽ᠭᠠᠯᠳᠠᠨ ᠪᠤᠱᠤᠭᠲᠤ-375︾ ᠡᠷᠳᠡᠮ ᠰᠢᠨᠵᠢᠯᠡᠭᠡᠨ ᠦ ᠬᠤᠷᠠᠯ ᠢ ᠵᠣᠬᠢᠶᠠᠨ ᠪᠠᠶᠢᠭᠤᠯᠤᠭᠰᠠᠨ ᠪᠠᠶᠢᠪᠠ᠃
ᠡᠷᠳᠡᠮ ᠰᠢᠨᠵᠢᠯᠡᠭᠡᠨ ᠦ ᠬᠤᠷᠠᠯ ᠢᠶᠠᠷ ᠮᠣᠩᠭᠣᠯ ᠤᠨ ᠤᠯᠤᠰ ᠲᠥᠷᠥ᠂ ᠴᠡᠷᠢᠭ᠂ ᠱᠠᠰᠢᠨ᠂ ᠲᠤᠰᠠᠭᠠᠷ ᠲᠣᠭᠲᠠᠨᠢᠯ ᠤᠨ ᠲᠡᠦᠬᠡᠨ ᠳᠦ ᠲᠣᠮᠣᠬᠠᠨ ᠤᠯᠠ ᠮᠥᠷ ᠦᠯᠡᠳᠡᠭᠡᠭᠰᠡᠨ ᠰᠤᠤᠲᠤ ᠬᠥᠮᠥᠨ ᠣᠶᠢᠷᠠᠳ ᠤᠨ ᠭᠠᠯᠳᠠᠨ  ᠪᠤᠱᠤᠭᠲᠤ ᠬᠠᠭᠠᠨ ᠤ ᠲᠡᠦᠬᠡ ᠶᠢᠨ ᠲᠠᠯ᠎ᠠ ᠪᠠᠷ ︽ᠭᠠᠯᠳᠠᠨ ᠪᠤᠱᠤᠭᠲᠤ ᠶᠢᠨ ᠠᠮᠢᠳᠤᠷᠠᠯ᠂ ᠦᠢᠯᠡ ᠠᠵᠢᠯᠯᠠᠭ᠎ᠠ︾ ᠰᠡᠳᠦᠪ ᠢᠶᠡᠷ ᠮᠣᠩᠭᠣᠯ ᠤᠯᠤᠰ ᠤᠨ ᠪᠣᠯᠪᠠᠰᠤᠷᠠᠯ ᠤᠨ ᠶᠡᠬᠡ ᠰᠤᠷᠭᠠᠭᠤᠯᠢ ᠶᠢᠨ ᠲᠡᠦᠬᠡ ᠶᠢᠨ ᠲᠢᠩᠬᠢᠮ ᠦᠨ ᠳᠡᠳ᠋ ᠫᠷᠣᠹᠧᠰᠰᠣᠷ᠂ ᠳ᠋ᠣᠺᠲ᠋ᠣᠷ ᠨ᠂ ᠰᠦᠬᠡᠪᠠᠭᠠᠲᠤᠷ᠂ ᠶᠠᠫᠣᠨ ᠤ ᠨᠢᠭᠢᠲ᠋ᠠ ᠶᠡᠬᠡ ᠰᠤᠷᠭᠠᠭᠤᠯᠢ ᠶᠢᠨ ᠳ᠋ᠣᠺᠲ᠋ᠣᠷᠠᠨᠲ ᠯ∙ᠢᠰᠢᠴᠡᠷᠡᠨ︽ᠭᠠᠯᠳᠠᠨ ᠪᠤᠱᠤᠭᠲᠤ ᠶᠢᠨ ᠦᠶ᠎ᠡ ᠶᠢᠨ ᠬᠠᠯᠬ᠎ᠠ ᠶᠢᠨ ᠰᠠᠷᠲᠠᠭᠤᠯ ᠬᠣᠰᠢᠭᠤ︾ ᠰᠡᠳᠦᠪ ᠢᠶᠡᠷ᠂ ᠬᠣᠪᠳᠣ ᠶᠡᠬᠡ ᠰᠤᠷᠭᠠᠭᠤᠯᠢ ᠶᠢᠨ ᠲᠡᠦᠬᠡ ᠶᠢᠨ ᠲᠢᠩᠬᠢᠮ ᠦᠨ ᠪᠠᠭᠰᠢ᠂ ᠳ᠋ᠣᠺᠲ᠋ᠣᠷ ᠭ∙ᠫᠦᠷᠪᠦᠳᠣᠷᠵᠢ ︽ᠭᠠᠯᠳᠠᠨ ᠬᠠᠭᠠᠨ ᠤ ᠦᠢᠯᠡ ᠬᠡᠷᠡᠭ ᠲᠡᠢ ᠬᠣᠯᠪᠣᠭᠠᠲᠠᠢ ᠲᠡᠦᠬᠡᠨ ᠶᠠᠮᠠᠷ ᠪᠠᠷᠢᠮᠲᠠ ᠠᠯᠲᠠᠨ ᠵᠤᠤ ᠶᠢᠨ ᠨᠤᠮ ᠳᠤ ᠪᠠᠶᠢᠨ᠎ᠠ ᠪᠤᠢ︾ ᠭᠡᠬᠦ ᠮᠡᠲᠦ ᠰᠣᠨᠢᠷᠬᠠᠯᠲᠠᠢ ᠰᠡᠳᠦᠪ ᠢᠶᠡᠷ ᠢᠯᠡᠳᠬᠡᠯ ᠬᠡᠯᠡᠯᠴᠡᠭᠦᠯᠦᠯ᠎ᠡ᠃

ᠰᠡᠳᠬᠢᠭᠳᠡᠯ ᠦᠯᠡᠳᠡᠭᠡᠬᠦ